ᠭᠤᠨᠭ᠍ᠴᠦᠬᠵᠢᠭᠮᠢᠤᠨ
ᠨᠡᠶᠢᠲᠡᠯᠡᠭᠰᠡᠨ ᠴᠠᠭ᠄
2018/11/7
         ᠭᠤᠨᠭ᠍ᠴᠦᠬᠵᠢᠭᠮᠢᠤᠨ       ᠭᠤᠨᠭ᠍ᠴᠦᠬᠵᠢᠭᠮᠢᠤᠨ ᠪᠤᠯᠪᠠᠰᠤ ᠰᠢᠯᠢ ᠶᠢᠨ ᠭᠤᠤᠯ ᠴᠢᠭᠤᠯᠭᠠᠨ ᠤ ᠰᠥᠨᠢᠤᠨ ᠵᠡᠭᠦᠨ ᠭᠠᠷᠤᠨ ᠬᠤᠰᠢᠭᠤᠨ  ᠤ ᠶᠡᠭᠡ ᠴᠠᠭᠠᠨ ᠰᠤᠮᠤᠨ ᠤ ᠬᠠᠷᠢᠶᠠᠳᠤ ᠲᠠᠶᠢᠵᠢ ᠯᠤᠪᠰᠠᠩ ᠤᠨ ᠬᠤᠶᠠᠳᠤᠭᠠᠷ ᠭᠥᠥ ᠶᠤᠮ᠃ ᠴᠠᠭᠠᠨ ᠬᠤᠯᠤᠭᠠᠨ᠎ᠠ ᠵᠢᠯ ︵1780 ᠤᠨ︶ ᠤᠨ ᠵᠤᠨ ᠲᠥᠷᠤᠵᠦ᠂ ᠲᠤᠯᠤᠭᠠᠨ ᠨᠠᠰᠤᠳᠠᠢ ᠳᠠᠭᠠᠨ ᠴᠠᠭᠠᠬᠤᠪᠤᠭ᠎ᠠ ᠰᠥᠮ᠎ᠠ ᠶᠢᠨ ᠲᠥᠡᠭᠬᠤᠷ ᠤᠨ ᠳ᠋ᠠᠴᠠᠩ ᠳᠤ ᠱᠠᠪᠢᠯᠠᠨ ᠰᠠᠭᠤᠵᠠᠢ᠃ ᠲᠠᠭᠦᠨ ᠤ ᠪᠠᠭᠰᠢ ᠨᠢ ᠪᠠᠯᠳᠠᠨ ᠬᠡᠯᠦ᠋ᠡᠭ ᠬᠡᠮᠡᠭᠴᠢ ᠶᠡᠭᠡ ᠡᠷᠳᠠᠮ ᠲᠠᠢ ᠯᠠᠮᠠ ᠪᠠᠶᠢᠬᠰᠠᠨ ᠬᠡᠳᠡᠭ᠃  ᠭᠤᠨᠭ᠍ᠴᠦᠬᠵᠢᠭᠮᠢᠤᠨ ᠪᠠᠭᠰᠢ ᠠᠴᠠ ᠪᠠᠨ ᠮᠤᠩᠭᠤᠯ ᠲᠥᠪᠡᠤᠨ ᠨᠤᠮ ᠰᠤᠷᠴᠤ᠂ ᠨᠤᠮ ᠪᠢᠴᠢᠭ ᠲᠤ ᠨᠠᠪᠳᠠᠷᠬᠡᠢ ᠡᠷᠳᠠᠮ ᠲᠠᠢ ᠯᠠᠮᠠ ᠪᠤᠯᠤᠨ ᠭᠥᠮᠤᠵᠢᠭ᠍ᠳᠡᠵᠦ᠂ 1813 ᠤᠨ ᠳᠤ ᠪᠠᠶᠠᠨ ᠤᠰᠤᠨ ᠤ ᠰᠥᠮ᠎ᠠ ᠳᠡᠭᠡᠨ ᠡᠵᠠᠨ ᠯᠠᠮᠠ ᠪᠤᠯᠵᠠᠢ᠃ ᠲᠠᠷᠨ ᠮᠤᠩᠭᠤᠯ ᠲᠥᠪᠡᠤᠨ ᠨᠤᠮ ᠪᠢᠴᠢᠭ ᠲᠤ ᠨᠠᠪᠳᠠᠷᠬᠡᠢ᠂ ᠤᠷᠴᠢᠭᠤᠯᠭ᠎ᠠ ᠳᠤ ᠴᠠᠭᠠᠷᠠᠬᠰᠠᠨ ᠭᠥᠮᠤᠨ ᠪᠠᠶᠢᠵᠦ᠂ ᠪᠠᠶᠠᠨ ᠤᠰᠤᠨ ᠤ ᠰᠥᠮ᠎ᠠ ᠳᠤ ᠤᠯᠠᠨ ᠨᠤᠮ ᠰᠤᠳᠤᠷ ᠬᠠᠭᠤᠯᠤᠨ ᠪᠢᠴᠢᠵᠦ᠂ ᠵᠤᠬᠢᠶᠠᠵᠦ ᠪᠠᠶᠢᠬᠰᠠᠨ ᠲᠤᠬᠠᠢ ᠮᠡᠳᠡᠭᠡ ᠰᠠᠯᠳᠠ ︽ᠬᠠᠷ᠎ᠠ ᠮᠤᠷᠢᠨ ᠵᠢᠯ ᠤᠨ ᠰᠥᠮ᠎ᠠ ᠬᠤᠷᠠᠯ  ᠤᠨ ᠲᠠᠮᠳᠡᠭᠯᠡᠯ︾ ᠬᠡᠭᠦ ᠭᠠᠷ ᠪᠢᠴᠢᠮᠡᠯ ᠰᠤᠳᠤᠷ ᠲᠤ ᠲᠠᠮᠳᠡᠭᠯᠡᠭᠳᠠᠨ ᠥᠯᠡᠳᠠᠵᠠᠢ᠃       ᠭᠤᠨᠭ᠍ᠴᠦᠬᠵᠢᠭᠮᠢᠤᠨ 1823 ᠤᠨ ᠳᠤ ᠪᠠᠶᠠᠨ ᠤᠰᠤᠨ ᠤ ᠰᠥᠮ᠎ᠠ ᠳᠡᠭᠡᠨ ︽ᠮᠤᠩᠭᠤᠯ ᠪᠢᠴᠢᠭ ᠤᠨ ᠰᠤᠷᠭᠠᠭᠤᠯᠢ︾ ᠡᠭᠦᠰᠬᠡᠨ ᠪᠠᠶᠢᠭᠤᠯᠵᠦ ᠰᠥᠮ᠎ᠠ ᠶᠢᠨ ᠢᠶᠠᠨ ᠯᠠᠮᠠ᠂ ᠤᠶᠢᠷ᠎ᠠ ᠬᠠᠪᠢ ᠶᠢᠨ ᠠᠷᠠᠤᠨ ᠤᠨ ᠬᠡᠤᠬᠡᠤᠨ  ᠤᠳ ᠲᠤ ᠮᠤᠩᠭᠤᠯ ᠪᠢᠴᠢᠭ ᠵᠢᠭᠠᠵᠦ ᠪᠠᠶᠢᠪᠠ᠃ ︽ᠮᠤᠩᠭᠤᠯ ᠪᠢᠴᠢᠭ ᠤᠨ ᠰᠤᠷᠭᠠᠭᠤᠯᠢ︾ ᠨᠢ ᠶᠡᠭᠡ᠂ ᠪᠠᠭ᠎ᠠ ᠬᠤᠶᠠᠷ ᠠᠩᠬᠢ ᠲᠠᠢ᠂ ᠶᠡᠭᠡ ᠠᠩᠬᠢ ᠳᠤᠨᠢ ᠰᠥᠮ᠎ᠠ ᠶᠢᠨ ᠯᠠᠮᠠ᠂ ᠴᠠᠭᠠᠬᠤᠪᠤᠭ᠎ᠠ ᠰᠥᠮ᠎ᠠ ᠶᠢᠨ ᠪᠠᠨᠳᠢ᠂ ᠴᠤᠷᠵᠢ  ᠶᠢᠨ ᠬᠤᠷᠠᠯ᠂ ᠪᠠᠶᠠᠨ ᠬᠠᠯᠳᠠᠷ ᠤᠨ ᠬᠤᠷᠠᠯ᠂ ᠭᠥᠬᠡ ᠤᠰᠤᠨ ᠤ ᠬᠤᠷᠠᠯ᠂ ᠮᠠᠡᠳᠤᠬᠤ ᠶᠢᠨ ᠬᠤᠷᠠᠯ ᠤᠨ ᠯᠠᠮᠠ ᠨᠠᠷ ᠢᠷᠠᠵᠦ ᠮᠤᠩᠭᠤᠯ ᠲᠥᠪᠡᠤᠨ ᠪᠢᠴᠢᠭ ᠰᠤᠷᠳᠠᠭ᠃ ᠪᠠᠭ᠎ᠠ ᠠᠩᠬᠢ ᠳᠤᠨᠢ ᠤᠶᠢᠷ᠎ᠠ ᠬᠠᠪᠢ ᠶᠢᠨ ᠠᠷᠠᠤᠨ ᠤᠨ ᠬᠡᠤᠬᠡᠤᠨ ᠤᠳ ᠢᠷᠠᠵᠦ ᠮᠤᠩᠭᠤᠯ ᠪᠢᠴᠢᠭ ᠰᠤᠷᠳᠠᠭ ᠪᠠᠶᠢᠵᠠᠢ᠃       ᠪᠠᠶᠠᠨ ᠤᠰᠤᠨ ᠤ ᠰᠥᠮ᠎ᠠ ᠶᠢᠨ ︽ᠮᠤᠩᠭᠤᠯ ᠪᠢᠴᠢᠭ ᠤᠨ ᠰᠤᠷᠭᠠᠭᠤᠯᠢ︾ ᠶᠢᠨ ᠲᠤᠬᠠᠢ ︽ᠬᠠᠷ᠎ᠠ ᠮᠤᠷᠢᠨ ᠵᠢᠯ ᠤᠨ ᠰᠥᠮ᠎ᠠ ᠬᠤᠷᠠᠯ ᠤᠨ ᠲᠠᠮᠳᠡᠭᠯᠡᠯ︾ ᠳᠤ ︽᠂᠂᠂᠂᠂ ᠮᠤᠩᠭᠤᠯ ᠪᠢᠴᠢᠭ ᠤᠨ ᠰᠤᠷᠭᠠᠭᠤᠯᠢ ᠨᠢ ᠭᠤᠨᠭ᠍ᠴᠦᠬᠵᠢᠭᠮᠢᠤᠨ ᠵᠡᠷᠬᠡ ᠭᠤᠷᠪᠡᠨ ᠪᠠᠭᠰᠢ ᠲᠠᠢ᠂ 40-50 ᠰᠤᠷᠤᠬᠴᠢ ᠲᠠᠢ ︵ᠰᠤᠷᠤᠯᠭᠠᠳᠠᠨ︶ ᠲᠥᠷᠪᠡᠨ ᠲᠠᠰᠤᠯᠭ᠎ᠠ ᠪᠡᠶᠢᠰᠢᠭ᠂ ᠨᠢᠬᠡ ᠮᠤᠩᠭᠤᠯ ᠬᠡᠷ ᠲᠠᠢ᠂ ᠲᠡᠬᠡᠳᠤ ᠲᠤᠤᠷᠠᠳᠤ ᠬᠤᠶᠠᠷ ᠠᠩᠬᠢ ᠲᠠᠢ ᠭᠤᠷᠪᠡᠨ ᠵᠢᠯ ᠤᠨ ᠰᠤᠷᠤᠯᠭ᠎ᠠ ᠶᠢᠨ ᠬᠤᠭᠤᠴᠠᠭ᠎ᠠ ᠲᠠᠢ᠂ ᠤᠶᠢᠷ᠎ᠠ ᠬᠠᠪᠢ ᠶᠢᠨ ᠪᠠᠶᠠᠨ ᠶᠠᠳᠠᠭᠤ ᠶᠢᠨ ᠬᠡᠤᠬᠡᠤᠨ ᠢ ᠢᠯᠭᠠᠯ ᠥᠬᠡᠢ ᠡᠯᠰᠠᠳᠡᠭ ᠪᠥᠬᠡᠤᠨ ᠴᠤᠷᠵᠢ ᠶᠢᠨ ᠬᠤᠷᠠᠯ᠂ ᠪᠠᠶᠠᠨ ᠬᠠᠯᠳᠠᠷ ᠤᠨ ᠬᠤᠷᠠᠯ᠂ ᠴᠠᠭᠠᠬᠤᠪᠤᠭ᠎ᠠ ᠰᠥᠮ᠎ᠠ ᠠᠴᠠ ᠰᠤᠷᠤᠯᠭᠠᠳᠠᠨ ᠠᠪᠴᠤ ᠮᠤᠩᠭᠤᠯ᠂ ᠲᠥᠪᠡᠤᠨ ᠪᠢᠴᠢᠭ᠂ ᠲᠤᠭ᠎ᠠ ᠪᠤᠳᠤᠯᠭ᠎ᠠ ᠵᠢᠭᠠᠵᠦ ᠨᠠᠭᠠᠳᠤᠮ ᠡᠭᠦᠰᠬᠡᠳᠡᠭ︾ ᠬᠡᠵᠦ ᠲᠠᠮᠳᠡᠭᠯᠡᠵᠦ ᠪᠤᠢ᠃ ᠡᠨᠡ ᠰᠤᠷᠭᠠᠭᠤᠯᠢ ᠨᠢ ᠭᠤᠨᠭ᠍ᠴᠦᠬᠵᠢᠭᠮᠢᠤᠨ ᠤᠨ ᠥᠶ᠎ᠠ ᠳᠤ ᠮᠤᠩᠭᠤᠯ ᠪᠢᠴᠢᠭ ᠭᠤᠤᠯᠴᠢᠯᠠᠨ ᠥᠵᠡᠳᠡᠭ ᠪᠠᠶᠢᠬᠰᠠᠨ ᠪᠤᠯ ᠰᠠᠭᠦᠯᠠᠷ ᠨᠢ ᠵᠢᠭ᠍ᠮᠢᠤᠡᠳᠠᠡᠽᠠᠡᠵᠠᠮᠰᠤ ᠪᠠ ᠭᠤᠨᠭ᠍ᠴᠤᠬᠳᠠᠡᠳᠠᠷᠵᠠᠮᠰᠤ ᠶᠢᠨ ᠥᠶ᠎ᠠ ᠪᠤᠯᠬᠤ ᠳᠤ ᠰᠤᠷᠭᠠᠭᠤᠯᠢ ᠪᠠᠨ ︽ᠮᠤᠩᠭᠤᠯ ᠲᠥᠪᠡᠤᠨ ᠤᠨ ᠪᠢᠴᠢᠭ ᠤᠨ ᠰᠤᠷᠭᠠᠭᠤᠯᠢ︾ ᠬᠡᠵᠦ ᠬᠠᠯᠠᠭᠠᠤᠨ ᠲᠥᠪᠡᠤᠨ ᠪᠢᠴᠢᠭ ᠨᠠᠮᠠᠵᠦ ᠵᠢᠭᠠᠬᠤ ᠪᠤᠯᠪᠠ᠃ 1863 ᠤᠨ ᠳᠤ ᠪᠠᠶᠠᠨ ᠤᠰᠤᠨ ᠤ ᠰᠥᠮ᠎ᠠ ᠨᠢ ᠴᠠᠭᠠᠬᠤᠪᠤᠭ᠎ᠠ ᠰᠥᠮ᠎ᠠ ᠶᠢᠨ ᠬᠠᠷᠢᠶᠠᠳᠤ ᠬᠤᠷᠠᠯ ᠪᠤᠯᠬᠤ ᠳᠤ ︽ᠮᠤᠩᠭᠤᠯ ᠪᠢᠴᠢᠭ ᠤᠨ ᠰᠤᠷᠭᠠᠭᠤᠯᠢ︾ ᠶᠢ ᠴᠠᠭᠠᠬᠤᠪᠤᠭ᠎ᠠ ᠰᠥᠮ᠎ᠠ  ᠠᠴᠠ ᠭᠤᠤᠯᠯᠠᠨ ᠬᠠᠮᠢᠶᠠᠷᠬᠤ ᠪᠤᠯᠤᠬᠰᠠᠨ ᠪᠥᠬᠡᠤᠨ ᠰᠠᠭᠦᠯᠠᠷ ᠨᠢ ᠴᠠᠭᠠᠬᠤᠪᠤᠭ᠎ᠠ ᠰᠥᠮ᠎ᠠ ᠳᠤ ᠰᠢᠯᠵᠢᠨ ᠤᠴᠢᠬᠰᠠᠨ ᠤᠳᠠᠭ᠎ᠠ ᠲᠠᠢ᠃ ᠲᠥᠴᠢᠨ ᠬᠡᠳᠤᠨ ᠤᠨ ᠤ ᠥᠶ᠎ᠠ ᠳᠤ ᠶᠤᠩᠳᠤᠨ ᠬᠡᠳᠡᠭ ᠭᠥᠮᠤᠨ ᠮᠤᠩᠭᠤᠯ ᠪᠢᠴᠢᠭ ᠵᠢᠭᠠᠵᠦ ᠬᠡᠷ  ᠤᠨ ᠰᠤᠷᠭᠠᠭᠤᠯᠢ ᠶᠢᠨ ᠬᠡᠯᠪᠠᠷᠢ ᠪᠠᠷ ᠡᠷᠬᠢᠯᠠᠵᠦ ᠪᠠᠶᠢᠭᠠᠤᠨ ᠲᠠᠭᠦᠰᠴᠠᠢ᠃       ᠪᠠᠶᠠᠨ ᠤᠰᠤᠨ ᠤ ᠰᠥᠮ᠎ᠠ ᠶᠢᠨ︽ᠮᠤᠩᠭᠤᠯ ᠪᠢᠴᠢᠭ ᠤᠨ ᠰᠤᠷᠭᠠᠭᠤᠯᠢ︾ ᠶᠢᠨ ᠰᠤᠷᠤᠯᠭᠠᠳᠠᠨ ᠨᠠᠷ ᠤᠨ ᠪᠢᠴᠢᠭᠰᠡᠨ ︽ᠰᠤᠳᠤᠷ ᠱᠠᠰᠳᠢᠷ ᠴᠠᠳᠢᠭ ᠲᠠᠤᠬᠡ︾ ᠲᠠᠷᠢᠭᠦᠳᠠᠨ ᠵᠠᠭᠤ ᠠᠷᠪᠡᠨ ᠪᠤᠳᠢ ᠪᠤᠢ᠃ ᠠᠯᠳᠠ ᠪᠠᠷ ᠪᠢᠴᠢᠭᠰᠡᠨ ︽ᠨᠡᠢᠮᠡᠨ ᠮᠢᠩᠭᠠᠳᠤ ᠶᠢᠨ ᠭᠤᠷᠪᠡᠨ ᠰᠤᠳᠤᠷ ᠪᠤᠢ︾ ᠬᠡᠵᠦ ︽ᠬᠠᠷ᠎ᠠ ᠮᠤᠷᠢᠨ ᠵᠢᠯ ᠤᠨ ᠰᠥᠮ᠎ᠠ ᠬᠤᠷᠠᠯ  ᠤᠨ ᠲᠠᠮᠳᠡᠭᠯᠡᠯ︾ ᠳᠤ ᠪᠢᠴᠢᠵᠦ ᠪᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号