ᠭᠠᠯᠰᠠᠩᠳᠤᠩᠷᠤᠪ | | ︵ᠬᠡᠷᠬᠡᠮᠳᠤ ᠯᠠᠮᠠ︶ ᠭᠠᠯᠰᠠᠩᠳᠤᠩᠷᠤᠪ ᠪᠤᠯ 1904 ᠤᠨ ᠳᠤ ᠰᠥᠨᠢᠤᠨ ᠵᠡᠭᠦᠨ ᠬᠤᠰᠢᠭᠤᠨ ᠤ | ᠴᠠᠭᠠᠬᠤᠪᠤᠭ᠎ᠠ ᠰᠥᠮ᠎ᠠ᠂ ᠲᠠᠷᠬᠠᠬᠭᠤᠯᠠ ᠪᠠᠷ ᠨᠤᠳᠤᠬᠯᠠᠵᠦ ᠪᠠᠶᠢᠬᠰᠠᠨ ᠪᠤᠶᠠᠡᠳᠠᠯᠬᠡᠷ ᠲᠠᠶᠢᠵᠢ ᠶᠢᠨ ᠭᠤᠷᠪᠡᠳᠤᠭᠠᠷ | ᠭᠥᠪᠡᠭᠦᠨ ᠶᠤᠮ᠃ ᠲᠠᠷᠨ ᠲᠠᠪᠤᠨ ᠨᠠᠰᠤ ᠭᠥᠷᠤᠮᠡᠭᠴᠨ ᠴᠠᠭᠠᠬᠤᠪᠤᠭ᠎ᠠ ᠰᠥᠮ᠎ᠠ ᠳᠤ ᠵᠠᠯᠠᠬᠳᠠᠨ ᠯᠠᠮᠠ ᠪᠤᠯᠵᠠᠢ᠃ | 1932 ᠤᠨ ᠳᠤ ᠴᠠᠭᠠᠬᠤᠪᠤᠭ᠎ᠠ ᠰᠥᠮ᠎ᠠ ᠶᠢᠨ ᠲᠠᠪᠤᠳᠤᠭᠠᠷ ᠲᠥᠷᠢ ᠶᠢᠨ ᠬᠡᠬᠡᠨ ᠵᠠᠮᠢᠶᠠᠡᠯᠢᠭᠰᠢᠤᠡᠵᠠᠮᠰᠤ | — ᠴᠠᠭᠠᠨ ᠬᠡᠬᠡᠨᠥᠪᠡᠷ ᠤᠨ ᠪᠠᠭᠰᠢ ᠯᠠᠮᠠ ᠶᠢᠨ ᠢᠶᠠᠨ ᠬᠤᠪᠢᠯᠭᠠᠨ ᠪᠤᠯᠬᠤ ᠭᠠᠯᠰᠠᠩᠳᠤᠩᠷᠤᠪ ᠢ ᠪᠡᠬᠡᠵᠢᠩ ᠳᠠᠬᠢ | ᠮᠤᠩᠭᠤᠯ ᠲᠥᠪᠡᠤᠨ ᠤᠨ ᠰᠤᠷᠭᠠᠭᠤᠯᠢ ᠳᠤ ᠲᠤᠮᠢᠯᠠᠨ ᠤᠴᠢᠭᠤᠯᠵᠦ ᠲᠥᠷᠪᠡᠨ ᠵᠢᠯ ᠰᠤᠷᠤᠯᠴᠠᠭᠤᠯᠪᠡ᠃ 1936 | ᠤᠨ ᠤ ᠨᠠᠮᠤᠷ ᠰᠤᠷᠭᠠᠭᠤᠯᠢ ᠠᠴᠠ ᠪᠤᠴᠠᠵᠦ ᠢᠷᠠᠮᠡᠭᠴᠨ ᠨᠢ ᠪᠠᠷᠠᠭᠤᠨ ᠰᠥᠨᠢᠤᠨ ᠬᠤᠰᠢᠭᠤᠨ ᠤ ᠸᠠᠩ | ᠲᠠᠮᠴᠤᠭ᠍ᠳᠤᠩᠷᠤᠪ ᠴᠠᠭᠠᠨ ᠬᠡᠬᠡᠨ ᠳᠤ ᠮᠡᠳᠠᠭᠦᠯᠵᠦ ᠵᠥᠪᠰᠢᠶᠠᠷᠠᠭᠦᠯᠤᠬᠡᠤᠨ ᠪᠠᠷᠠᠭᠤᠨ ᠰᠥᠨᠢᠤᠨ ᠤᠨ ᠬᠤᠰᠢᠭᠤᠨ ᠤ | ᠰᠤᠶᠤᠯ ᠬᠡᠬᠡᠷᠠᠯ ᠤᠨ ᠭᠠᠵᠠᠷ ᠢᠶᠠᠨ ᠠᠵᠢᠯᠯᠠᠭᠤᠯᠵᠠᠢ᠃ ᠲᠠᠮᠠᠢ ᠤᠳᠠᠬᠰᠠᠨ ᠥᠬᠡᠢ ᠴᠠᠭᠠᠨ ᠬᠡᠬᠡᠨ ᠤᠷᠤᠨ ᠨᠤᠳᠤᠭ | ᠲᠠᠭᠠᠨ ᠮᠤᠩᠭᠤᠯ ᠪᠢᠴᠢᠭ ᠲᠥᠬᠡᠮᠡᠯᠵᠢᠭᠦᠯᠵᠦ ᠰᠤᠶᠤᠯ ᠤᠨ ᠪᠠᠯᠠᠢ ᠶᠢ ᠤᠰᠠᠤᠡᠬᠠᠬᠤ ᠵᠤᠷᠢᠯᠳᠠ ᠠᠴᠠ ᠳ᠋ᠧ ᠸᠠᠩ ᠳᠤ | ᠡᠷᠭᠦᠳᠠᠯ ᠲᠠᠪᠰᠢᠭᠦᠯᠤᠨ ᠬᠡᠷᠬᠡᠮᠳᠤ ᠯᠠᠮᠠ ᠶᠢ ᠬᠤᠶᠠᠳᠠᠬᠢ ᠤᠳᠠᠭ᠎ᠠ ᠴᠢᠭᠤᠯᠤᠯᠳᠤ ᠬᠠᠭᠠᠯᠭ᠎ᠠ ᠳᠤ ᠰᠤᠶᠤᠯ ᠭᠥᠮᠤᠵᠢᠯ | ᠤᠨ ᠲᠤᠬᠠᠢ ᠶᠠᠫᠤᠨ ᠥᠬᠡ ᠪᠠ ᠥᠰᠤᠭ᠌ ᠪᠢᠴᠢᠭ ᠰᠤᠷᠤᠯᠴᠠᠭᠤᠯᠤᠬᠰᠠᠨ ᠪᠠᠶᠢᠨ᠎ᠠ᠃ ᠭᠠᠯᠰᠠᠩᠳᠤᠩᠷᠤᠪ ᠪᠤᠯ | ᠮᠤᠩᠭᠤᠯ᠂ ᠬᠢᠳᠠᠤᠨ᠂ ᠲᠥᠪᠡᠤᠨ᠂ ᠶᠠᠫᠤᠨ ᠬᠡᠯᠡᠨ ᠳᠤ ᠨᠠᠪᠳᠠᠷᠬᠡᠢ ᠪᠥᠬᠡᠤᠨ ᠨᠠᠯᠢᠶᠠᠤᠨ ᠰᠠᠶᠢᠨ ᠤᠷᠴᠢᠭᠤᠯᠵᠦ | ᠴᠢᠳᠠᠳᠠᠭ ᠢᠶᠠᠷ ᠢᠶᠠᠨ ᠪᠢᠴᠢᠭ ᠰᠤᠶᠤᠯ ᠤᠨ ᠲᠠᠯ᠎ᠠ ᠪᠠᠷ ᠨᠠᠷᠠ ᠮᠡᠡᠳᠤᠵᠠᠢ᠃ 1940 ᠤᠨ ᠳᠤ ᠭᠠᠯᠰᠠᠩᠳᠤᠩᠷᠤᠪ | ᠴᠠᠭᠠᠬᠤᠪᠤᠭ᠎ᠠ ᠰᠥᠮ᠎ᠠ ᠳᠡᠭᠡᠨ ᠪᠤᠴᠠᠨ ᠢᠷᠠᠬᠡᠤᠨ ᠴᠠᠭᠠᠨ ᠬᠡᠬᠡᠨ ᠤ ᠨᠠᠶᠢᠳᠠᠯᠭ᠎ᠠ ᠪᠠᠷ ᠵᠠᠭᠤ ᠭᠠᠷᠤᠢ ᠰᠤᠷᠤᠬᠴᠢ ᠲᠠᠢ | ᠠᠩᠬᠠᠳᠤᠬᠴᠢ ᠴᠠᠭᠠᠬᠤᠪᠤᠭ᠎ᠠ ᠰᠥᠮ᠎ᠠ ᠶᠢᠨ ᠪᠠᠭ᠎ᠠ ᠰᠤᠷᠭᠠᠭᠤᠯᠢ ᠪᠠᠶᠢᠭᠤᠯᠵᠦ᠂ ᠥᠪᠡᠷ ᠢᠶᠠᠨ ᠭᠤᠤᠯᠯᠠᠨ | ᠬᠢᠴᠢᠶᠠᠯᠯᠠᠵᠦ ᠪᠠᠶᠢᠪᠠ᠃ ᠡᠭᠦᠨ ᠤ ᠬᠠᠮᠳᠤ ᠲᠠᠷᠨ ᠰᠤᠷᠤᠬᠴᠢ ᠶᠢᠨ ᠬᠢᠴᠢᠶᠠᠯ ᠤᠨ ᠲᠠᠪᠳᠠᠷ ︽ᠨᠧᠴᠠᠨ ᠤ ᠴᠠᠭᠠᠨ | ᠲᠤᠯᠤᠭᠠᠢ︾ ᠶᠢ ᠠᠪᠠᠭ᠎ᠠ ᠵᠠᠯᠠᠨ ᠨᠧᠴᠠᠨ ᠲᠠᠢ ᠬᠠᠮᠳᠤᠷᠠᠨ ᠨᠠᠶᠢᠷᠠᠭᠤᠯᠵᠦ ᠪᠢᠴᠢᠵᠠᠢ᠃ | ᠥᠪᠡᠷ ᠢᠶᠠᠨ ᠴᠢᠭᠤᠯᠤᠯᠳᠤ ᠬᠠᠭᠠᠯᠭ᠎ᠠ ᠳᠤ ᠰᠤᠷᠤᠯᠴᠠᠵᠦ ᠪᠠᠶᠢᠬᠤ ᠬᠤᠭᠤᠴᠠᠭᠠᠨ ᠳᠠᠭᠠᠨ ︽ᠰᠠᠶᠢᠨ | ᠤᠤᠠᠬ᠎ᠠ ᠶᠢᠨ ᠰᠠᠷᠠᠭᠤᠯ ᠲᠤᠶᠠᠭ᠎ᠠ︾ ᠬᠡᠰᠠᠨ ᠬᠡᠷᠡᠭᠯᠡᠭᠦ ᠳᠤ ᠲᠥᠭᠦᠮ ᠪᠥᠷᠢᠨ ᠠᠪᠰᠠᠷᠬᠠᠨ ᠲᠤᠯᠢ ᠪᠢᠴᠢᠭ | ᠵᠤᠬᠢᠶᠠᠵᠦ ᠰᠤᠷᠤᠬᠴᠢᠤᠨ ᠪᠠᠭᠠᠴᠤᠤᠨ ᠲᠤ ᠶᠠᠬᠡᠬᠡᠨ ᠲᠥᠭᠦᠮ ᠥᠵᠡᠭᠦᠯᠵᠠᠢ᠃ ᠪᠠᠰᠠ ᠰᠤᠷᠤᠬᠴᠢᠤᠨ ᠪᠤᠯᠤᠨ | ᠵᠠᠯᠠᠭᠤ ᠯᠠᠮᠠ ᠨᠠᠷ ᠤᠨ ᠲᠤᠮᠳᠠ ᠬᠡᠬᠡᠷᠠᠭᠦᠯᠭᠦ ᠭᠥᠮᠤᠵᠢᠯ ᠥᠷᠨᠢᠭᠦᠯᠵᠦ ᠴᠠᠭ ᠤᠨ ᠪᠠᠶᠢᠳᠠᠯ ᠤᠨ ᠲᠤᠬᠠᠢ ᠶᠠᠷᠢᠵᠦ | ᠥᠭᠳᠡᠭ ᠪᠠ ᠰᠠᠶᠢᠴᠤᠩᠭ᠎ᠠ ᠶᠢᠨ ᠵᠤᠬᠢᠶᠠᠬᠰᠠᠨ ︽ᠲᠠᠪᠬᠡᠷᠤᠨ ᠪᠤᠰᠤᠬᠰᠠᠨ ᠮᠤᠩᠭᠤᠯ ᠤᠨ ᠵᠠᠯᠠᠭᠤᠴᠤᠤᠨ︾ ᠬᠡᠰᠠᠨ | ᠲᠠᠭᠤᠤ ᠶᠢ ᠵᠢᠭᠠᠨ ᠥᠭᠴᠤ᠂ ᠥᠪᠡᠷ ᠢᠶᠠᠨ ᠢᠯᠠ ᠲᠤᠳᠤ ᠲᠠᠶᠢᠴᠢᠯᠠᠯᠳᠠ ᠶᠢᠨ ᠠᠭᠤᠯᠭ᠎ᠠ ᠲᠠᠢ ︽ᠮᠡᠨ ᠤ | ᠵᠠᠯᠠᠭᠤᠰ ᠤᠨ ᠵᠤᠷᠢᠯᠳᠠ︾ ᠬᠡᠭᠦ ᠲᠠᠭᠤᠤ ᠶᠢ ᠵᠤᠬᠢᠶᠠᠨ ᠲᠠᠭᠤᠯᠠᠭᠤᠯᠳᠠᠭ ᠪᠠᠶᠢᠵᠠᠢ᠃ | 1945 ᠤᠨ ᠤ 7 ᠳ᠋ᠤᠭᠠᠷ ᠰᠠᠷ᠎ᠠ ᠶᠢᠨ3 ᠤ ᠰᠥᠨᠢ ᠮᠤᠩᠭᠤᠯ ᠤᠯᠤᠰ ᠤᠨ ᠶᠡᠭᠡ ᠴᠡᠷᠢᠭ ᠴᠠᠭᠠᠬᠤᠪᠤᠭ᠎ᠠ | ᠰᠥᠮ᠎ᠠ ᠶᠢ ᠪᠥᠰᠠᠯᠠᠵᠦ ᠴᠠᠭᠠᠬᠤᠪᠤᠭ᠎ᠠ ᠰᠥᠮ᠎ᠠ ᠳᠠᠬᠢ ᠶᠠᠫᠤᠨ ᠤ ᠤᠡᠴᠠᠭᠠᠢ ᠶᠠᠮᠤᠨ ᠳᠤ ᠪᠥᠳᠤᠭᠦᠨ ᠫᠤᠤ ᠲᠠᠯᠪᠢᠨ | ᠰᠥᠷ ᠥᠵᠡᠭᠦᠯᠤᠭ᠍ᠰᠠᠨ ᠳᠤ ᠤᠡᠴᠠᠭᠠᠢ ᠶᠠᠮᠤᠨ ᠤ ᠬᠢᠨ ᠰᠠᠷᠨᠢᠨ ᠪᠤᠳᠠᠷᠠᠬᠰᠠᠨ ᠪᠠᠶᠢᠳᠠᠯ ᠤᠨ ᠲᠤᠤᠷ᠎ᠠ ᠬᠡᠷᠬᠡᠮᠳᠤ ᠯᠠᠮᠠ | ᠮᠠᠷᠭᠠᠰᠢ ᠶᠢᠨ ᠬᠢᠨᠢ ᠥᠷ ᠢᠶᠠᠷ ᠬᠡᠳᠤᠨ ᠮᠡᠡᠳᠠᠯᠳᠤ ᠯᠠᠮᠠ ᠨᠠᠷ ᠢᠶᠠᠨ ᠲᠠᠭᠠᠭᠤᠯᠤᠨ ᠮᠤᠩᠭᠤᠯ ᠤᠯᠤᠰ ᠤᠨ ᠴᠡᠷᠢᠭ ᠢ | ᠲᠤᠰᠤᠨ ᠭᠥᠷᠴᠤ ᠴᠡᠷᠢᠭ ᠤᠨ ᠲᠠᠷᠤᠭ᠎ᠠ ᠨᠠᠷ ᠲᠤᠨᠢ ᠮᠡᠡᠳᠤᠴᠢᠯᠠᠯ ᠭᠥᠷᠬᠡᠭᠰᠠᠨ ᠤ ᠪᠠᠨ ᠲᠠᠷᠠᠭ᠎ᠠ ︽ᠪᠢᠳᠠ | ᠬᠤᠪᠢᠰᠬᠠᠯ ᠢ ᠲᠠᠮᠵᠢᠵᠦ ᠲᠠ ᠨᠠᠷ ᠲᠠᠢ ᠡᠰᠠᠷᠭᠦᠴᠠᠯᠳᠤᠭᠦ ᠥᠬᠡᠢ᠂ ᠰᠥᠮ᠎ᠠ ᠬᠡᠶᠢᠤᠨ ᠤᠯᠠᠨ ᠲᠥᠮᠡᠨ ᠢᠶᠠᠨ | ᠬᠠᠶᠢᠷᠠᠯᠠᠨ᠎ᠠ︾ ᠬᠡᠵᠦ ᠰᠠᠤᠡᠬᠢᠯ ᠢᠶᠠᠨ ᠢᠯᠡᠤᠡᠬᠡᠨ ᠤᠬᠳᠤᠨ ᠠᠪᠤᠬᠰᠠᠨ ᠪᠠᠶᠢᠨ᠎ᠠ᠃ ᠢᠡᠭᠬᠢᠬᠡᠤᠨ ᠬᠤᠪᠢᠰᠬᠠᠯ ᠤᠨ | ᠭᠥᠴᠤᠨ ᠲᠠᠢ ᠨᠢᠬᠡᠤᠡᠴᠤ ᠶᠠᠫᠤᠨ ᠢ ᠡᠰᠠᠷᠭᠦᠴᠠᠭᠦ ᠶᠢ ᠵᠤᠷᠢᠪᠠ᠃ ᠬᠠᠷᠠᠮᠰᠠᠯᠳᠠᠢ ᠨᠢ ᠲᠤᠰ ᠤᠨ ᠤ ᠨᠠᠮᠤᠷ ᠤᠨ | ᠰᠠᠭᠦᠯᠴᠢ ᠪᠠᠷ ᠬᠡᠨᠡᠤᠡᠳᠠ ᠡᠪᠡᠤᠡᠴᠢᠯᠠᠵᠦ᠂ ᠡᠮᠴᠢᠯᠠᠵᠦ ᠵᠠᠰᠠᠬᠰᠠᠨ ᠪᠤᠯᠪᠠᠴᠤ ᠰᠠᠶᠢᠨ ᠪᠤᠯᠤᠬᠰᠠᠨ ᠥᠬᠡᠢ ᠲᠥᠴᠢᠨ | ᠨᠢᠬᠡᠨ ᠨᠠᠰᠤᠳᠠᠢ ᠨᠠᠰᠤ ᠨᠥᠭᠴᠢᠵᠠᠢ᠃ | ᠪᠥᠭᠦ ᠤᠯᠤᠰ ᠤᠨ ᠤᠯᠤᠰ ᠲᠥᠷᠤ ᠶᠢᠨ ᠵᠥᠪᠯᠡᠯᠬᠡᠨ ᠤ ᠠᠩᠬᠠᠳᠤᠭᠠᠷ ᠤᠳᠠᠭᠠᠨ ᠤ ᠲᠥᠯᠤᠬᠡᠯᠡᠭᠴᠢᠤᠨ ᠤᠨ | ᠶᠡᠭᠡ ᠬᠤᠷᠠᠯ ᠬᠤᠷᠠᠯᠤᠳᠬᠤ ᠠᠴᠠ ᠶᠠᠷᠤᠩᠬᠡᠢ ᠰᠠᠶᠢᠤᠨ ᠵᠸᠤ ᠡᠸᠠ ᠯᠠᠢ᠂ ᠤᠷᠤᠨ ᠤ ᠲᠠᠷᠢᠭᠦᠯᠡᠭᠴᠢ ᠤᠯᠠᠭᠠᠡᠭᠦᠥ | ᠥᠪᠡᠷ ᠤᠨ ᠪᠠᠶ᠎ᠠ ᠪᠠᠷ ᠢᠶᠠᠨ ᠤᠳᠠᠰᠤ ᠢᠷᠠᠭᠦᠯᠵᠦ ︽ᠭᠠᠯᠰᠠᠩᠳᠤᠩᠷᠤᠪ ᠨᠥᠭᠦᠷ ᠬᠠᠮᠢᠭ᠎ᠠ ᠶᠠᠭᠤ ᠬᠢᠵᠦ ᠪᠠᠶᠢᠨ᠎ᠠ | ᠪᠤᠢ︖ ᠡᠨᠡ ᠤᠳᠠᠭᠠᠨ ᠤ ᠬᠤᠷᠠᠯ ᠳᠤ ᠤᠷᠤᠯᠴᠠᠭᠤᠯᠤᠭᠠᠷᠠᠢ︕︾ ᠬᠡᠵᠠᠢ᠃ ᠢᠡᠭᠬᠢᠬᠡᠤᠨ ᠱᠠᠳᠤ ᠲᠠᠷᠠᠭᠠᠯᠠᠨ | ᠠᠰᠠᠭᠤᠨ ᠯᠠᠪᠯᠡᠬᠤ ᠳᠤ ᠲᠠᠷᠨ ᠨᠢᠬᠡᠨᠳᠠ ᠨᠠᠰᠤ ᠪᠠᠷᠠᠬᠰᠠᠨ ᠪᠠᠶᠢᠬᠰᠠᠨ ᠶᠤᠮ᠃ ᠡᠭᠦᠨ ᠠᠴᠠ ᠥᠵᠡᠭᠦ ᠳᠤ | ᠭᠠᠯᠰᠠᠩᠳᠤᠩᠷᠤᠪ ᠠᠯᠢ ᠡᠷᠳᠠ ᠬᠤᠪᠢᠰᠬᠠᠯ ᠤᠨ ᠨᠥᠯᠤᠬᠡ ᠶᠢ ᠭᠥᠷᠳᠠᠵᠦ ᠲᠤᠮᠳᠠᠳᠤ ᠤᠯᠤᠰ ᠤᠨ ᠡᠪ ᠬᠠᠮᠳᠤ ᠨᠠᠮ | ᠢ ᠡᠷᠠᠰ ᠭᠥᠷᠢᠶᠠᠯᠠᠵᠦ ᠡᠬᠡ ᠤᠯᠤᠰ ᠤᠨ ᠨᠢᠬᠡᠳᠤᠯ ᠪᠠ ᠴᠢᠯᠤᠬᠡᠯᠡᠯᠳᠠ ᠶᠢᠨ ᠲᠥᠯᠤᠬᠡ ᠴᠢᠷᠮᠡᠶᠢᠨ ᠠᠵᠢᠯᠯᠠᠵᠦ | ᠪᠠᠶᠢᠬᠰᠠᠨ ᠨᠢᠬᠡᠨ ᠰᠠᠬᠡᠬᠡᠷᠡᠭᠰᠠᠨ ᠤᠯᠤᠰ ᠢᠶᠠᠨ ᠬᠠᠶᠢᠷᠠᠯᠠᠬᠴᠢ ᠪᠤᠯᠬᠤ ᠶᠤᠮ᠃ ᠤᠳᠤ ᠴᠠᠭᠠᠬᠤᠪᠤᠭ᠎ᠠ ᠰᠤᠮᠤᠨ ᠤ | ᠠᠷᠤ ᠪᠤᠯᠠᠭ ᠭᠠᠴᠠᠭ᠎ᠠ ᠶᠢᠨ ᠶᠤᠩᠳᠤᠨ ᠭᠤᠸᠠᠢ ᠶᠢᠨ ᠴᠠᠬᠡᠵᠢᠯᠠᠵᠦ ᠪᠠᠶᠢᠬᠰᠠᠨ ᠲᠠᠭᠦᠨ ᠤ ︽ᠮᠡᠨ ᠤ ᠵᠠᠯᠠᠭᠤᠰ ᠤᠨ | ᠵᠤᠷᠢᠯᠳᠠ︾ ᠬᠡᠭᠦ ᠲᠠᠭᠤᠤ ᠶᠢ ᠲᠠᠮᠳᠡᠭᠯᠡᠨ ᠲᠠ ᠪᠥᠭᠦᠨ ᠳᠤ ᠰᠤᠨᠢᠷᠬᠠᠭᠤᠯᠤᠶ᠎ᠠ︕ | ᠮᠡᠨ ᠤ ᠵᠠᠯᠠᠭᠤᠰ ᠤᠨ ᠵᠤᠷᠢᠯᠳᠠ | ᠮᠠᠰᠢ ᠰᠠᠶᠢᠬᠠᠨ ᠰᠤᠷᠳᠠᠯ ᠲᠠᠢ | ᠮᠠᠭᠤ ᠪᠠ ᠪᠠᠭᠤᠷᠠᠢ ᠶᠢ ᠤᠰᠠᠤᠡᠬᠠᠵᠦ | ᠮᠠᠭᠠᠤᠨ ᠴᠢᠬᠢᠷᠠᠭ ᠢ ᠪᠠᠶᠢᠭᠤᠯᠤᠮᠵᠢ | ᠤᠯᠠᠨ ᠨᠠᠶᠢᠳᠠ ᠶᠢᠨ ᠵᠤᠷᠢᠯᠳᠠ ᠤᠡᠴᠠᠭᠠᠢ ᠴᠢᠬᠤᠯᠠ ᠰᠤᠷᠳᠠᠯ ᠲᠠᠢ | ᠤᠰᠤᠯᠳᠠᠯ ᠬᠤᠵᠢᠮᠳᠠᠯ ᠢ ᠲᠠᠪᠴᠢᠵᠦ | ᠤᠯᠵᠠᠳᠠᠢ ᠠᠰᠢᠬᠳᠠᠢ ᠶᠢ ᠪᠥᠷᠢᠳᠤᠭᠦᠯᠤᠮᠤᠢ | ᠪᠠᠭᠠᠴᠤᠤᠨ ᠪᠢᠳᠠ ᠨᠠᠷ ᠤᠨ ᠵᠤᠷᠢᠯᠳᠠ | ᠪᠠᠶᠠᠰᠬᠤᠯᠠᠩᠳᠤ ᠰᠤᠨᠢᠨ ᠥᠵᠠᠮᠤᠷᠢᠳᠠᠢ | ᠪᠠᠯᠠᠷ ᠮᠤᠩᠬᠠᠭ ᠢ ᠬᠡᠶᠢᠭᠦᠯᠵᠦ | ᠪᠠᠶᠠᠷ ᠤᠨ ᠬᠤᠷᠢᠮ ᠨᠡᠬᠡᠬᠡᠮᠤᠢ | ᠬᠠᠭᠠᠤᠨ ᠶᠡᠬᠡᠰ ᠤᠨ ᠵᠤᠷᠢᠯᠳᠠ | ᠬᠠᠷᠢᠯᠳᠠ ᠥᠬᠡᠢ ᠲᠠᠭᠠᠯᠠᠯᠳᠠᠢ | ᠬᠠᠷᠬᠢᠰ ᠲᠠᠶᠢᠰᠤᠨ ᠢ ᠤᠰᠠᠤᠡᠬᠠᠵᠤ | ᠬᠠᠮᠤᠭ ᠤᠯᠠᠨ ᠢᠶᠠᠨ ᠬᠡᠶᠢᠭᠦᠯᠤᠮᠤᠢ | ᠡᠷᠳᠠᠨ ᠤ ᠮᠡᠷᠬᠡᠤᠨ ᠤᠨ ᠵᠤᠷᠢᠯᠳᠠ | ᠡᠩᠭᠦᠷᠠᠢ ᠴᠢᠬᠤᠯᠠ ᠰᠤᠷᠳᠠᠯᠳᠠᠢ | ᠡᠷᠳᠠᠮ ᠰᠤᠷᠤᠯᠭ᠎ᠠ ᠶᠢ ᠵᠤᠵᠠᠭᠠᠤᠡᠬᠠᠵᠦ | ᠡᠨᠠ ᠭᠦ ᠶᠢᠷᠳᠢᠡᠴᠤ ᠶᠢ ᠬᠡᠶᠢᠭᠦᠯᠤᠮᠤᠢ | ᠮᠤᠩᠭᠤᠯ ᠤᠯᠠᠨ ᠤ ᠵᠤᠷᠢᠯᠳᠠ | ᠮᠤᠬᠤᠰᠢ ᠥᠬᠡᠢ ᠰᠤᠷᠳᠠᠯ ᠲᠠᠢ | ᠮᠤᠩ ᠬᠡᠭᠴᠢ ᠭᠤᠤᠯ ᠤᠨ ᠡᠬᠢᠨ ᠲᠡᠬᠡᠷ᠎ᠠ | ᠮᠤᠩᠭᠤᠯ ᠬᠡᠮᠡᠨ ᠡᠭᠦᠰᠴᠠᠢ | ᠡᠵᠡᠨ ᠴᠢᠩᠬᠢᠰ ᠤᠨ ᠵᠤᠷᠢᠯᠳᠠ | ᠡᠷᠠᠯᠬᠡᠭ ᠪᠢᠳᠠᠨ ᠤ ᠲᠥᠯᠤᠬᠡ ᠪᠤᠢ | ᠡᠳᠤᠬᠡ ᠥᠶ᠎ᠠ ᠶᠢᠨ ᠤᠬᠠᠭᠠᠡᠳᠠᠨ ᠨᠤᠭᠤᠳ | ᠡᠷᠬᠡᠪᠰᠢ ᠡᠭᠦᠨ ᠢ ᠰᠠᠨᠠᠯᠳᠠᠶᠢᠶᠠ | ᠴᠠᠭᠠᠨ ᠤᠪᠤᠭ᠎ᠠ ᠶᠢᠨ ᠰᠤᠷᠤᠬᠴᠢᠤᠨ | ᠴᠠᠯᠭᠠᠷ ᠲᠠᠰᠢᠶ᠎ᠠ ᠶᠢ ᠵᠠᠯᠠᠷᠠᠭᠤᠯᠵᠦ | ᠴᠠᠭ ᠤᠨ ᠠᠶᠠᠰ ᠲᠤᠷ ᠨᠠᠶᠢᠴᠠᠭᠦᠯᠤᠨ | ᠴᠠᠭᠠᠵᠠ ᠬᠠᠤᠯᠢ ᠶᠢ ᠭᠥᠡᠳᠤᠤᠡᠬᠡᠮᠤᠢ᠃ | | | | | |