ᠵᠢᠷᠠᠨ ᠬᠠᠶᠠᠬᠤ | ᠵᠢᠷᠠᠨ ᠬᠠᠶᠠᠬᠤ ᠭᠡᠳᠡᠭ ᠱᠠᠭ᠎ᠠ ᠲᠤᠭᠯᠠᠭᠠᠮ ᠪᠣᠯ ᠡᠮᠡᠭᠡᠯ ᠤᠨ ᠬᠦᠯᠢᠮ ᠪᠣᠶᠣ ᠡᠭᠦᠨ ᠤ ᠬᠡᠮᠵᠢᠶ᠎ᠡ ᠲᠠᠢ | ᠠᠳᠠᠰᠬ᠎ᠠ ᠳᠡᠭᠡᠷ᠎ᠡ ᠵᠢᠷᠠᠨ ᠲᠣᠭᠠᠨ ᠤ ᠱᠠᠭ᠎ᠠ ᠶᠢ ᠪᠠᠭᠲᠠᠭᠠᠨ ᠬᠠᠶᠠᠵᠤ᠂ ᠨᠢᠰᠠᠯᠵᠣ᠂ ᠬᠠᠷᠪᠤᠵᠤ ᠨᠠᠭᠠᠳᠬᠤ ᠶᠢ | ᠬᠡᠯᠡᠨ᠎ᠡ᠃ ᠣᠯᠠᠩᠬᠢ ᠳᠠᠭᠠᠨ ᠬᠤᠶᠠᠷ ᠬᠦᠮᠦᠨ ᠡᠭᠡᠯᠵᠢᠯᠡᠨ ᠨᠠᠭᠠᠳᠬᠤ ᠪᠦᠭᠡᠳ ᠵᠠᠷᠢᠮ ᠳᠠᠭᠠᠨ ᠬᠡᠳᠦ ᠬᠡᠳᠦᠨ | ᠬᠦᠮᠦᠨ ᠨᠠᠭᠠᠳᠴᠤ ᠪᠣᠯᠳᠠᠭ᠃ | ᠡᠬᠢᠯᠡᠵᠦ ᠨᠠᠭᠠᠳᠬᠤ ᠬᠦᠮᠦᠨ ᠵᠠᠪᠠᠯ ᠬᠤᠪᠢᠳᠠᠵᠤ ᠠᠪᠤᠭᠰᠠᠨ ᠵᠢᠷᠠᠨ ᠲᠣᠭᠠᠨ ᠤ ᠱᠠᠭ᠎ᠠ ᠪᠠᠨ ᠲᠡᠷᠡ | ᠬᠦᠯᠢᠮ ᠪᠣᠶᠣ ᠠᠳᠠᠰᠬ᠎ᠠ ᠶᠢᠨ ᠭᠠᠳᠠᠨ᠎ᠠ ᠲᠤᠰᠪᠠᠯ ᠨᠥᠭᠦᠭᠡ ᠨᠢᠭᠡ ᠬᠦᠮᠦᠨ ᠨᠢ ᠲᠡᠷᠡ ᠭᠠᠳᠠᠨ᠎ᠠ ᠲᠤᠰᠤᠭᠰᠠᠨ | ᠱᠠᠭ᠎ᠠ ᠶᠢ ᠠᠪᠴᠤ ᠬᠠᠶᠠᠵᠤ ᠥᠭᠭᠦᠨ᠎ᠡ᠃ ᠢᠩᠬᠢᠭᠡᠳ ᠡᠬᠢᠯᠡᠵᠦ ᠨᠠᠭᠠᠳᠤᠭᠰᠠᠨ ᠬᠦᠮᠦᠨ ᠨᠢᠭᠡ ᠨᠢᠭᠡ ᠵᠦᠢᠷᠡᠢ ᠪᠠᠷ | ᠬᠠᠷᠪᠤᠵᠤ ᠨᠢᠰᠠᠯᠵᠤ ᠠᠪᠤᠭᠠᠳ ᠨᠢᠭᠡ ᠴᠤ ᠦᠯᠡᠳᠡᠭᠡᠯ ᠦᠭᠡᠢ ᠠᠪᠴᠤ ᠴᠢᠳᠠᠪᠠᠯ ᠱᠦᠭᠦᠳᠡᠭ᠃ ᠬᠡᠷᠪᠡ | ᠵᠢᠷᠭᠤᠭ᠎ᠠ ᠠᠴᠠ ᠢᠯᠡᠭᠦᠦ ᠱᠠᠭ᠎ᠠ ᠬᠦᠯᠢᠮ ᠪᠠ ᠠᠳᠠᠰᠬ᠎ᠠ ᠶᠢᠨ ᠭᠠᠳᠠᠨ᠎ᠠ ᠲᠤᠰᠪᠠᠯ ᠡᠬᠢᠯᠡᠵᠦ ᠬᠠᠶᠠᠭᠰᠠᠨ ᠬᠦᠮᠦᠨ | ᠨᠠᠭᠠᠳᠬᠤ ᠡᠷᠬᠡ ᠪᠠᠨ ᠠᠯᠳᠠᠵᠤ᠂ ᠨᠦᠭᠦᠭᠡ ᠬᠦᠮᠦᠨ ᠨᠢ ᠡᠬᠢᠯᠡᠵᠦ ᠵᠢᠷᠠᠨ ᠱᠠᠭ᠎ᠠ ᠪᠠᠨ ᠬᠠᠶᠠᠵᠤ ᠨᠠᠭᠠᠳᠤᠨ᠎ᠠ᠃ | ᠡᠨᠡ ᠮᠡᠲᠦ ᠪᠠᠷ ᠡᠭᠡᠯᠵᠢᠯᠡᠨ ᠬᠠᠶᠠᠵᠤ᠂ ᠬᠡᠨ ᠨᠢ ᠱᠠᠭ᠎ᠠ ᠦᠭᠡᠢ ᠪᠣᠯᠪᠠᠯ ᠲᠡᠷᠡ ᠨᠢ ᠱᠦᠭᠦᠭᠳᠡᠵᠦ ᠨᠠᠭᠠᠳᠤᠮ | ᠳᠡᠭᠦᠰᠦᠨ᠎ᠡ᠃ | ᠵᠢᠷᠠᠨ ᠬᠠᠶᠠᠬᠤ ᠨᠢ ᠮᠦᠨ ᠪᠣᠰᠣᠳ ᠱᠠᠭ᠎ᠠ ᠲᠤᠭᠯᠠᠭᠠᠮ ᠲᠠᠢ ᠠᠳᠠᠯᠢ ᠶᠣᠰᠣ ᠳᠦᠷᠢᠮ ᠲᠠᠢ᠃ | ᠲᠡᠮᠡᠭᠡ ᠤᠷᠤᠯᠳᠤᠭᠤᠯᠬᠤ | ᠲᠡᠮᠡᠭᠡ ᠤᠷᠤᠯᠳᠤᠭᠤᠯᠬᠤ ᠲᠤᠭᠯᠠᠭᠠᠮ ᠪᠣᠯ ᠨᠠᠭᠠᠳᠤᠮ ᠳᠤ ᠤᠷᠤᠯᠴᠠᠭᠰᠠᠨ ᠬᠦᠮᠦᠨ ᠬᠤᠪᠢᠳᠠᠵᠤ | ᠠᠪᠤᠭᠰᠠᠨ ᠪᠣᠶᠣ ᠬᠠᠶᠠᠬᠤ ᠱᠠᠭ᠎ᠠ ᠪᠠᠨ ᠲᠡᠮᠲᠡᠭᠯᠡᠵᠦ ᠤᠷᠤᠯᠳᠤᠭᠠᠨ ᠤ ᠲᠡᠮᠡᠭᠡ ᠪᠤᠯᠭᠠᠨ᠎ᠠ᠃ ᠤᠯᠠᠨ ᠲᠡᠮᠡᠭᠡ | ᠴᠤᠪᠤᠷᠠᠭᠤᠯᠤᠨ ᠪᠤᠰᠬᠠᠵᠤ ᠲᠠᠯᠪᠢᠭᠠᠳ ᠲᠡᠮᠲᠡᠭ ᠲᠠᠢ ᠲᠡᠮᠡᠭᠡ ᠪᠠᠨ ᠴᠤᠪᠤᠷᠠᠯᠳᠤᠭᠤᠯᠤᠨ ᠲᠠᠯᠪᠢᠭᠰᠠᠨ ᠲᠡᠮᠡᠭᠡᠨ ᠤ | ᠬᠠᠮᠤᠭ ᠰᠡᠭᠦᠯᠴᠢ ᠶᠢᠨ ᠮᠦᠷ ᠲᠤ ᠵᠡᠷᠭᠡᠴᠡᠭᠦᠯᠦᠨ ᠵᠢᠭᠰᠠᠭᠠᠵᠤ ᠲᠠᠯᠪᠢᠨ᠎ᠠ᠃ ᠤᠷᠤᠯᠳᠤᠭᠠᠨ ᠳᠤ ᠤᠷᠤᠬᠤ ᠲᠡᠮᠲᠡᠭ | ᠲᠠᠢ ᠱᠠᠭ᠎ᠠ ᠪᠠᠨ ᠨᠡᠶᠢᠯᠡᠭᠦᠯᠦᠨ ᠡᠭᠡᠯᠵᠢᠯᠡᠨ ᠬᠠᠶᠠᠵᠤ᠂ ᠬᠡᠨ ᠤ ᠲᠡᠮᠡᠭᠡ ᠨᠢ ᠨᠢᠭᠡ ᠲᠤᠰᠪᠠᠯ ᠲᠡᠭᠦᠨ ᠤ ᠲᠡᠮᠡᠭᠡ ᠶᠢ | ᠤᠷᠤᠭᠰᠢ ᠨᠢᠭᠡ ᠲᠡᠮᠡᠭᠡ ᠶᠠᠪᠤᠭᠤᠯᠤᠨ᠎ᠠ᠃ ᠡᠨᠡ ᠮᠡᠳᠦ ᠪᠠᠷ ᠬᠡᠨ ᠤ ᠬᠢᠨᠢ ᠲᠡᠮᠡᠭᠡ ᠲᠡᠷᠢᠭᠦᠯᠡᠵᠦ ᠬᠡᠨ ᠤ ᠬᠢᠨᠢ | ᠳᠡᠳ᠋ᠯᠡᠬᠦ ᠶᠢ ᠰᠢᠯᠭᠠᠷᠠᠭᠤᠯᠤᠨ᠎ᠠ᠃ ᠡᠨᠡ ᠲᠤᠭᠯᠠᠭᠠᠮ ᠢ ᠬᠡᠦᠬᠡᠳ ᠤᠳ ᠭᠤᠣᠯᠳᠠᠭᠤ ᠨᠠᠭᠠᠳᠳᠠᠭ᠃ ᠨᠠᠭᠠᠳᠬᠤ ᠶᠣᠰᠣ | ᠂ ᠠᠷᠭ᠎ᠠ ᠮᠠᠶ᠋ᠢᠭ ᠨᠢ ᠮᠣᠷᠢ ᠤᠷᠤᠯᠳᠤᠭᠤᠯᠬᠤ ᠲᠠᠢ ᠠᠳᠠᠯᠢ ᠵᠢᠷᠤᠮ ᠢᠶᠠᠷ ᠶᠠᠪᠤᠭᠳᠠᠨ᠎ᠠ᠃ ᠨᠠᠭᠠᠳᠤᠮ ᠳᠤ ᠤᠷᠤᠯᠴᠠᠬᠤ | ᠬᠦᠮᠦᠨ ᠬᠢᠵᠠᠭᠠᠷ ᠦᠭᠡᠢ᠂ ᠬᠡᠳᠦᠢ ᠬᠦᠮᠦᠨ ᠤᠷᠤᠯᠴᠠᠵᠤ ᠨᠠᠭᠠᠳᠤᠭᠰᠠᠨ ᠴᠤ ᠪᠤᠯᠤᠨ᠎ᠠ᠃ ᠮᠠᠨ ᠤ ᠰᠦᠨᠢᠳ ᠲᠤ | ᠪᠣᠯ ᠨᠠᠮᠤᠷ ᠡᠪᠦᠯ ᠢᠯᠠᠩᠭᠤᠶ᠎ᠠ ᠴᠠᠭᠠᠨ ᠰᠠᠷ᠎ᠠ ᠳᠤ ᠱᠠᠭ᠎ᠠ ᠨᠠᠭᠠᠳᠬᠤ ᠨᠢ ᠤᠯᠠᠨ᠃ ᠵᠤᠨ ᠱᠠᠭ᠎ᠠ ᠨᠠᠭᠠᠳᠬᠤ ᠶᠢ | ᠴᠡᠭᠡᠷᠯᠡᠳᠡᠭ ᠪᠠᠶᠢᠭᠰᠠᠨ᠃ | ᠲᠠᠪᠤᠨ ᠱᠠᠭ᠎ᠠ ᠨᠠᠭᠠᠳᠴᠤ ᠮᠢᠩᠭ᠎ᠠ ᠳᠤ ᠤᠷᠤᠯᠳᠤᠬᠤ | ᠡᠨᠡ ᠲᠤᠭᠯᠠᠭᠠᠮ ᠪᠣᠯ ᠲᠠᠪᠤᠨ ᠱᠠᠭ᠎ᠠ ᠬᠠᠶᠠᠵᠤ ᠰᠠᠮᠪᠡᠭ ᠤᠨ ᠶᠣᠰᠤᠭᠠᠷ ᠬᠠᠮᠤᠵᠤ ᠨᠠᠭᠠᠳᠤᠨ᠎ᠠ᠃ | ᠨᠠᠭᠠᠳᠤᠮ ᠳᠤ ᠤᠷᠤᠯᠴᠠᠭᠰᠠᠨ ᠬᠦᠮᠦᠨ ᠲᠠᠪᠤᠨ ᠱᠠᠭ᠎ᠠ ᠪᠠᠨ ᠬᠠᠶᠠᠭᠠᠳ ᠰᠠᠮᠪᠡᠭ ᠢᠶᠠᠨ ᠳᠡᠭᠡᠭᠰᠢ ᠬᠠᠶᠠᠵᠤ ᠳᠤᠤᠷ᠎ᠠ | ᠲᠤᠰᠤᠭᠰᠠᠨ ᠲᠠᠪᠤᠨ ᠱᠠᠭ᠎ᠠ ᠪᠠᠨ ᠨᠢᠭᠡ ᠴᠤ ᠭᠡᠭᠡᠭᠳᠡᠯ ᠦᠭᠡᠢ ᠠᠪᠴᠤ ᠵᠠᠯᠭᠠᠭ᠎ᠠ ᠪᠠᠷ ᠬᠤᠷᠢ ᠤᠳᠠᠭ᠎ᠠ ᠠᠪᠴᠤ | ᠴᠢᠳᠠᠪᠠᠯ ᠮᠢᠩᠭ᠎ᠠ ᠳᠤ ᠲᠡᠷᠢᠭᠦᠯᠡᠵᠦ ᠴᠢᠳᠠᠨ᠎ᠠ᠃ ᠲᠠᠪᠤᠨ ᠱᠠᠭ᠎ᠠ ᠪᠠᠨ ᠨᠢᠭᠡ ᠤᠳᠠᠭ᠎ᠠ ᠠᠯᠳᠠᠯ ᠦᠭᠡᠢ ᠬᠠᠮᠤᠵᠤ | ᠴᠢᠳᠠᠪᠠᠯ ᠲᠠᠪᠢᠨ ᠬᠤᠪᠢ ᠪᠠᠷ ᠪᠤᠳᠤᠵᠤ᠂ ᠨᠢᠭᠡ ᠴᠤ ᠠᠯᠳᠠᠯ ᠦᠭᠡᠢ ᠬᠤᠷᠢ ᠤᠳᠠᠭ᠎ᠠ ᠠᠪᠴᠤ ᠴᠢᠳᠠᠪᠠᠯ ᠳᠠᠷᠤᠢ | ᠲᠡᠷᠢᠭᠦᠯᠡᠨ᠎ᠡ᠃ ᠡᠨᠡ ᠮᠡᠲᠦ ᠪᠠᠷ ᠨᠠᠭᠠᠳᠤᠮ ᠳᠤ ᠤᠷᠤᠯᠴᠠᠭᠰᠠᠨ ᠬᠦᠮᠦᠨ ᠡᠭᠡᠯᠵᠢᠯᠡᠨ ᠱᠠᠭ᠎ᠠ ᠬᠠᠶᠠᠵᠤ ᠨᠠᠭᠠᠳᠳᠠᠭ | ᠪᠠᠶᠢᠯ᠎ᠠ᠃ | ᠮᠡᠯᠡᠭᠡᠢ ᠦᠷᠦᠬᠦ | ᠮᠡᠯᠡᠬᠡᠢ ᠦᠷᠦᠬᠦ ᠲᠤᠭᠯᠠᠭᠠᠮ ᠪᠣᠯ ᠲᠠᠪᠢᠨ ᠱᠠᠭ᠎ᠠ ᠪᠠᠷ ᠨᠠᠭᠠᠳᠬᠤ ᠨᠠᠭᠠᠳᠤᠮ ᠶᠤᠮ᠃ ᠲᠠᠪᠢᠨ | ᠱᠠᠭ᠎ᠠ ᠪᠠᠨ ᠠᠪᠴᠤ ᠨᠢᠭᠡ ᠱᠣ ᠲᠠᠢ ᠨᠠᠭᠠᠳᠤᠮ ᠳᠤ ᠤᠷᠤᠯᠴᠠᠭᠰᠠᠨ ᠬᠦᠮᠦᠨ ᠡᠭᠡᠯᠵᠢᠯᠡᠨ ᠬᠠᠶᠠᠵᠤ᠂ ᠱᠤ ᠨᠢ | ᠬᠡᠳᠦᠨ ᠨᠦᠬᠡᠨ ᠤ ᠲᠤᠭ᠎ᠠ ᠪᠠᠷ ᠲᠠᠪᠢᠨ ᠱᠠᠭ᠎ᠠ ᠠᠴᠠ ᠠᠪᠴᠤ ᠮᠡᠯᠡᠬᠡᠢ ᠦᠷᠦᠵᠦ ᠡᠬᠢᠯᠡᠨ᠎ᠡ᠃ ᠬᠡᠳᠦᠨ ᠬᠦᠮᠦᠨ | ᠨᠠᠠᠭᠳᠤᠭᠰᠠᠨ ᠴᠤ ᠪᠤᠯᠤᠨ᠎ᠠ᠃ ᠮᠡᠯᠡᠬᠡᠢ ᠦᠷᠦᠬᠦ ᠳᠤ ᠲᠤᠯᠤᠭᠠᠢ ᠭᠤᠷᠪᠠᠨ ᠱᠠᠭ᠎ᠠ᠃ ᠨᠢᠷᠤᠭᠤᠨ ᠪᠡᠶ᠎ᠡ ᠨᠢ | ᠵᠢᠷᠭᠤᠭᠠᠨ ᠱᠠᠭ᠎ᠠ᠂ ᠰᠡᠭᠦᠯ ᠨᠢ ᠨᠢᠭᠡ ᠱᠠᠭ᠎ᠠ᠂ ᠪᠦᠬᠡᠷ᠎ᠡ ᠬᠤᠶᠠᠷ ᠱᠠᠭ᠎ᠠ᠂ ᠳᠦᠷᠪᠡᠨ ᠮᠦᠴᠢ ᠨᠢ ᠲᠤᠰ ᠪᠦᠷᠢ | ᠳᠦᠷᠪᠡᠨ ᠱᠠᠭ᠎ᠠ᠂ ᠳᠦᠷᠪᠡᠨ ᠬᠥᠯ ᠤᠨ ᠬᠢᠮᠦᠰᠦ ᠨᠢ ᠲᠣᠰ ᠪᠦᠷᠢ ᠲᠠᠪᠤᠨ ᠱᠠᠭ᠎ᠠ ᠪᠠᠶᠢᠳᠠᠭ᠃ ᠱᠤ ᠶᠢᠨ | ᠨᠦᠬᠡ ᠶᠢᠨ ᠲᠤᠭ᠎ᠠ ᠪᠠᠷ ᠮᠡᠯᠡᠬᠡᠢ ᠦᠷᠦᠵᠦ ᠨᠠᠭᠠᠳᠤᠨ᠎ᠠ᠃ ᠬᠠᠮᠤᠭ ᠰᠡᠭᠦᠯ ᠳᠤ ᠬᠡᠨ ᠨᠢ ᠪᠦᠬᠦ ᠪᠡᠶ᠎ᠡ ᠶᠢᠨ | ᠦᠯᠡᠳᠡᠵᠦ ᠪᠠᠶᠢᠭ᠎ᠠ ᠭᠡᠰᠡᠭ ᠢ ᠪᠦᠳᠦᠭᠡᠵᠦ ᠴᠢᠳᠠᠪᠠᠯ ᠱᠦᠭᠦᠯᠲᠡ ᠤᠯᠤᠨ᠎ᠠ᠃ | ᠠᠯᠠᠭ ᠮᠡᠯᠡᠭᠡᠢ ᠦᠷᠦᠬᠦ ᠳᠤ ᠱᠠᠭ᠎ᠠ ᠶᠢ ᠬᠡᠳᠦᠨ ᠦᠩᠬᠡ ᠶᠢᠨ ᠪᠤᠳᠤᠭ ᠢᠶᠠᠷ ᠪᠣᠳᠤᠵᠤ᠂ ᠦᠩᠬᠡ ᠲᠠᠭᠠᠷᠠᠭᠤᠯᠤᠨ | ᠦᠷᠦᠵᠦ ᠨᠠᠭᠠᠳᠬᠤ ᠴᠤ ᠪᠤᠢ᠃ | ᠮᠡᠯᠡᠬᠡᠢ ᠥᠷᠦᠬᠦ ᠳᠡᠭᠡᠨ ᠲᠤᠯᠤᠭᠠᠢ ᠠᠴᠠ ᠨᠢ ᠡᠬᠢᠯᠡᠵᠦ ᠬᠠᠮᠤᠭ ᠰᠡᠭᠦᠯ ᠳᠤᠨᠢ ᠰᠡᠭᠦᠯ ᠢ ᠨᠢ ᠪᠦᠳᠦᠭᠡᠵᠦ | ᠨᠠᠭᠠᠳᠬᠤ ᠳᠦᠷᠢᠮ ᠲᠠᠢ᠃ ᠮᠡᠯᠡᠬᠡᠢ ᠥᠷᠦᠬᠦ ᠲᠤᠭᠯᠠᠭᠠᠮ ᠢ ᠴᠠᠭᠠᠨ ᠰᠠᠷ᠎ᠠ ᠨᠠᠭᠠᠳᠬᠤ ᠪᠦᠭᠡᠳ ᠡᠩ ᠤᠨ ᠴᠠᠭ ᠲᠤ | ᠬᠡᠦᠬᠡᠳ ᠪᠠᠭᠠᠴᠤᠳ ᠨᠠᠭᠠᠳᠬᠤ ᠨᠢ ᠤᠯᠠᠨ᠃ ᠭᠡᠪᠡᠴᠦ ᠶᠡᠭᠡ ᠤᠯᠤᠰ ᠤᠳ ᠪᠠᠰᠠ ᠨᠠᠭᠠᠳᠤᠨ᠎ᠠ᠃ | ᠶᠢᠰᠦᠨ ᠤᠬᠠᠭᠠᠨ | ᠲᠠᠪᠤᠨ ᠬᠤᠰᠢᠭᠤ ᠬᠡᠯᠪᠡᠷᠢ ᠲᠠᠢ ᠨᠠᠭᠠᠳᠤᠮ ᠤᠨ ᠬᠥᠯ ᠪᠠᠶᠢᠳᠠᠭ᠃ ᠶᠢᠰᠦᠨ ᠱᠠᠭ᠎ᠠ ᠠᠪᠴᠤ | ᠲᠡᠭᠦᠨ ᠢ ᠪᠠᠨ ᠨᠤᠬᠠᠢ ᠭᠡᠵᠦ ᠨᠡᠷᠡᠯᠡᠨ᠂ ᠨᠠᠭᠠᠳᠤᠮ ᠤᠨ ᠬᠥᠯ ᠤᠨ ᠲᠠᠪᠤᠨ ᠬᠤᠰᠢᠭᠤᠨ ᠤ ᠠᠭᠤᠯᠵᠠᠷ ᠪᠦᠷᠢ ᠳᠡᠭᠡᠷ᠎ᠡ | ᠨᠢᠭᠡ ᠨᠢᠭᠡ ᠪᠠᠷ ᠲᠠᠯᠪᠢᠨ᠎ᠠ᠃ ᠨᠠᠭᠠᠳᠴᠤ ᠪᠠᠶᠢᠭ᠎ᠠ ᠬᠦᠮᠦᠨ ᠦᠪᠡᠷ ᠤᠨ ᠠᠯᠢ ᠳᠤᠷ᠎ᠠ ᠲᠠᠢ ᠠᠭᠤᠯᠵᠠᠷ ᠳᠡᠭᠡᠷ᠎ᠡ | ᠨᠤᠬᠠᠢ ᠪᠠᠨ ᠲᠠᠯᠪᠢᠬᠤ ᠦᠭᠡᠢ ᠦᠯᠡᠳᠡᠭᠡᠨ᠎ᠡ᠃ ᠨᠠᠭᠠᠳᠬᠤ ᠳᠠᠭᠠᠨ ᠳᠠᠮ ᠤᠨ ᠢᠮᠠᠭ᠎ᠠ ᠪᠠᠷ ᠢᠳᠡᠵᠦ᠂ ᠬᠠᠮᠤᠭ | ᠰᠡᠭᠦᠯ ᠳᠤ ᠨᠤᠬᠠᠢ ᠶᠢ ᠦᠯᠡᠳᠡᠭᠡᠪᠡᠯ ᠲᠡᠷᠡ ᠨᠢ ᠬᠤᠨᠵᠢᠭᠰᠠᠨ ᠳᠤ ᠲᠤᠭᠠᠴᠠᠭᠳᠠᠨ᠎ᠠ᠃ ᠵᠠᠪᠠᠯ ᠭᠠᠭᠴᠠ ᠱᠠᠭ᠎ᠠ ᠶᠢ | ᠦᠯᠡᠳᠡᠭᠡᠬᠦ ᠶᠣᠰᠤᠲᠠᠢ᠃ ᠡᠨᠡ ᠲᠤᠭᠯᠠᠭᠠᠮ ᠪᠣᠯ ᠣᠶᠤᠨ ᠤᠬᠠᠭᠠᠨ ᠨᠡᠭᠡᠭᠡᠭᠳᠡᠭᠦᠯᠬᠦ ᠠᠭᠤᠯᠭ᠎ᠠ ᠲᠠᠢ ᠶᠤᠮ᠃ | ᠭᠤᠣᠯᠳᠠᠭᠤ ᠬᠡᠦᠬᠡᠳ ᠪᠠᠭᠠᠴᠤᠳ᠂ ᠵᠠᠯᠠᠭᠤᠴᠤᠳ ᠨᠠᠭᠠᠳᠤᠨ᠎ᠠ᠃ | ᠪᠤᠭᠤ ᠨᠠᠭᠠᠳᠬᠤ | ᠡᠨᠡ ᠬᠦ ᠨᠠᠭᠠᠳᠤᠮ ᠳᠤ ᠬᠤᠶᠠᠷ ᠬᠦᠮᠦᠨ ᠤᠷᠤᠯᠴᠠᠵᠤ᠂ ᠨᠢᠭᠡ ᠨᠢ ᠨᠤᠶᠠᠨ ᠢᠶᠠᠨ ᠠᠪᠴᠤ ᠨᠦᠭᠦᠭᠡ ᠨᠢ | ᠪᠤᠭᠤ ᠪᠠᠨ ᠬᠤᠪᠢᠳᠠᠵᠤ ᠠᠪᠤᠭᠠᠳ ᠪᠤᠭᠤ ᠶᠢᠨ ᠬᠥᠯ ᠳᠡᠭᠡᠷ᠎ᠡ ᠨᠡᠭᠦᠳᠡᠯᠯᠡᠵᠦ ᠢᠳᠡᠵᠦ ᠨᠠᠭᠠᠳᠤᠨ᠎ᠠ᠃ ᠪᠤᠭᠤ | ᠨᠠᠭᠠᠳᠬᠤ ᠬᠤᠶᠠᠷ ᠬᠦᠮᠦᠨ ᠤ ᠨᠢᠭᠡ ᠨᠢ ᠬᠤᠷᠢᠨ ᠳᠥᠷᠪᠡᠨ ᠪᠤᠭᠤ ᠪᠠᠷᠢᠵᠤ᠂ ᠨᠥᠭᠦᠭᠡ ᠨᠢ ᠬᠤᠶᠠᠷ ᠨᠣᠶᠠᠨ ᠢᠶᠠᠨ | ᠪᠠᠷᠢᠨ᠎ᠠ᠃ ᠪᠤᠭᠤ ᠪᠠᠷᠢᠭᠰᠠᠨ ᠬᠦᠮᠦᠨ ᠤ ᠬᠥᠯᠭᠡ ᠶᠢᠨ ᠭᠤᠣᠯ ᠤᠨ ᠨᠠᠢᠮᠠᠨ ᠪᠠᠭᠤᠳᠠᠯ ᠳᠤ ᠨᠠᠢᠮᠠᠨ ᠪᠤᠭᠤ ᠪᠡᠯᠴᠢᠭᠡᠨ᠎ᠡ | ᠃ ᠨᠤᠶᠠᠨ ᠪᠠᠷᠢᠭᠰᠠᠨ ᠬᠦᠮᠦᠨ ᠨᠢ ᠬᠤᠶᠠᠷ ᠠᠭᠤᠯᠠ ᠶᠢᠨ ᠪᠤᠭᠤᠮᠲᠠ ᠳᠤ ᠨᠣᠶᠠᠨ ᠢᠶᠠᠨ ᠲᠠᠯᠪᠢᠨ᠎ᠠ᠃ ᠪᠤᠭᠤ | ᠪᠠᠷᠢᠭᠰᠠᠨ ᠬᠦᠮᠦᠨ ᠨᠢ ᠤᠷᠢᠳ ᠢᠶᠠᠷ ᠪᠤᠭᠤ ᠪᠠᠨ ᠬᠦᠳᠡᠯᠭᠡᠨ ᠶᠠᠪᠤᠭᠤᠯᠬᠤ ᠪᠦᠭᠡᠳ ᠠᠰ ᠱᠤᠭᠤᠮ ᠳᠤ | ᠵᠡᠷᠭᠡᠴᠡᠭᠰᠡᠨ ᠭᠤᠷᠪᠠᠨ ᠰᠠᠭᠤᠳᠠᠯ ᠤᠨ ᠡᠨᠡ ᠰᠠᠭᠤᠳᠠᠯ ᠠᠴᠠ ᠪᠤᠭᠤ ᠶᠢᠨ ᠳᠡᠭᠡᠭᠦᠷ ᠦᠰᠦᠷᠴᠦ ᠲᠡᠷᠡ ᠰᠠᠭᠤᠳᠠᠯ ᠳᠤ | ᠰᠠᠭᠠᠭᠠᠳ ᠡᠨᠡ ᠬᠦ ᠭᠤᠷᠪᠠᠨ ᠰᠠᠭᠤᠳᠠᠯ ᠤᠨ ᠭᠤᠣᠯ ᠰᠠᠭᠤᠳᠠᠯ ᠳᠤ ᠪᠠᠶᠢᠭᠰᠠᠨ ᠪᠤᠭᠤ ᠶᠢ ᠢᠳᠡᠳᠡᠭ᠃ ᠨᠣᠶᠠᠨ | ᠪᠤᠭᠤ ᠢᠳᠡᠬᠦ ᠦᠭᠡᠢ ᠪᠣᠯ ᠭᠤᠷᠪᠠᠨ ᠰᠠᠭᠤᠳᠠᠯ ᠢᠶᠠᠷ ᠦᠰᠦᠷᠴᠦ ᠪᠣᠯᠬᠤ ᠦᠭᠡᠢ᠂ ᠬᠠᠷᠢᠨ ᠨᠢᠭᠡ ᠨᠢᠭᠡ | ᠰᠠᠭᠤᠳᠠᠯ ᠢᠶᠠᠷ ᠠᠰᠢᠭᠲᠠᠢ ᠭᠡᠰᠡᠨ ᠪᠠᠭᠤᠳᠠᠯ ᠳᠤ ᠨᠡᠭᠦᠳᠡᠭ᠃ ᠠᠯᠢ ᠠᠰᠢᠭᠲᠠᠢ ᠪᠠᠭᠤᠳᠠᠯ ᠳᠤ ᠨᠤᠶᠠᠨ ᠢ ᠬᠤᠷᠢᠬᠤ | ᠵᠣᠷᠢᠯᠭ᠎ᠠ ᠲᠠᠢ ᠪᠤᠭᠤ ᠪᠠᠨ ᠲᠠᠯᠪᠢᠵᠤ᠂ ᠢᠩᠭᠢᠭᠡᠳ ᠨᠣᠶᠠᠨ ᠢ ᠬᠠᠰᠢᠵᠤ ᠶᠠᠪᠤᠬᠤ ᠵᠠᠮ ᠦᠭᠡᠢ ᠪᠤᠯᠭᠠᠵᠤ ᠠᠪᠬᠤ ᠪᠠᠷ | ᠲᠡᠮᠡᠴᠡᠨ᠎ᠡ᠃ ᠪᠤᠭᠤ ᠪᠠᠷᠢᠭᠰᠠᠨ ᠬᠦᠮᠦᠨ ᠤ ᠨᠠᠭᠠᠳᠬᠤ ᠮᠡᠷᠭᠡᠵᠢᠯ ᠰᠠᠶᠢᠨ ᠪᠣᠯ ᠬᠦᠳᠡᠯᠬᠦ ᠪᠦᠷᠢ ᠨᠣᠶᠠᠨ ᠢ ᠬᠠᠰᠢᠵᠤ᠂ | ᠬᠤᠶᠠᠷ ᠨᠣᠶᠠᠨ ᠢ ᠬᠤᠷᠢᠵᠤ ᠠᠪᠤᠭᠠᠳ ᠱᠦᠭᠦᠳᠡᠭ᠃ ᠨᠤᠶᠠᠨ ᠪᠠᠷᠢᠭᠰᠠᠨ ᠬᠦᠮᠦᠨ ᠤ ᠮᠡᠷᠭᠡᠵᠢᠯ ᠰᠠᠶᠢᠨ ᠪᠣᠯ | ᠶᠠᠪᠤᠵᠤ ᠨᠡᠭᠦᠬᠦ ᠪᠤᠯᠭᠠᠨ ᠪᠤᠭᠤ ᠶᠢ ᠢᠳᠡᠵᠦ᠂ ᠨᠤᠶᠠᠨ ᠬᠠᠰᠢᠭᠳᠠᠬᠤ ᠦᠭᠡᠢ ᠪᠠᠶᠢᠵᠤ ᠡᠴᠦᠰ ᠲᠡᠭᠡᠨ ᠱᠦᠭᠦᠳᠡᠭ᠃ | ᠭᠡᠬᠦ ᠳᠡᠭᠡᠨ ᠪᠤᠭᠤ ᠨᠠᠭᠠᠳᠬᠤ ᠳᠤ ᠬᠠᠮᠢᠶ᠎ᠠ ᠨᠠᠮᠢᠶ᠎ᠠ ᠦᠭᠡᠢ ᠬᠠᠰᠢᠵᠤ ᠬᠤᠷᠢᠬᠤ ᠪᠢᠰᠢ ᠬᠠᠷᠢᠨ ᠲᠤᠭᠲᠠᠭᠰᠠᠨ | ᠱᠦᠭᠦᠯᠲᠡ ᠶᠤᠰᠤᠲᠠᠢ ᠪᠠᠶᠢᠳᠠᠭ᠃ ᠬᠠᠮᠤᠭ ᠤᠨ ᠰᠠᠶᠢᠨ ᠱᠦᠭᠦᠯᠲᠡ ᠨᠢ ᠴᠢᠬᠢᠨ ᠲᠠᠲᠠᠭᠤᠬᠠᠢ ᠭᠡᠵᠦ ᠬᠤᠶᠠᠷ | ᠠᠭᠤᠯᠠ ᠶᠢᠨ ᠦᠵᠦᠭᠦᠷ ᠬᠤᠷᠢᠵᠤ ᠲᠠᠯᠪᠢᠬᠤ ᠱᠦᠭᠦᠯᠲᠡ ᠪᠤᠯᠤᠨ᠎ᠠ᠃ | ᠡᠪᠡᠷ ᠪᠤᠭᠤ ᠨᠠᠭᠠᠳᠬᠤ | ᠡᠪᠡᠷ ᠪᠤᠭᠤ ᠪᠣᠯ ᠨᠢᠭᠡᠨ ᠳᠦᠭᠦᠮ ᠮᠦᠷᠲᠡᠭᠡᠨ ᠰᠤᠨᠢᠷᠬᠠᠯᠲᠠᠢ ᠲᠤᠭᠯᠠᠭᠠᠮ ᠶᠤᠮ᠃ ᠦᠬᠡᠷ ᠤᠨ | ᠡᠪᠡᠷ ᠤᠨ ᠳᠦᠷᠰᠦ ᠵᠠᠭᠪᠤᠷ ᠢᠶᠠᠷ ᠨᠠᠭᠠᠳᠤᠮ ᠬᠥᠯ ᠬᠢᠵᠦ᠂ ᠠᠷᠪᠠᠨ ᠬᠤᠶᠠᠷ ᠪᠠᠭᠤᠳᠠᠯ ᠲᠠᠢ ᠪᠠᠶᠢᠳᠠᠭ᠃ | ᠨᠠᠭᠠᠳᠤᠮ ᠳᠤ ᠤᠷᠤᠯᠴᠠᠬᠤ ᠬᠦᠮᠦᠨ ᠤ ᠲᠤᠭ᠎ᠠ ᠨᠢ ᠨᠢᠭᠡ ᠤᠳᠠᠭ᠎ᠠ ᠳᠤ ᠬᠤᠶᠠᠷᠬᠠᠨ ᠪᠠᠶᠢᠳᠠᠭ᠃ ᠲᠡᠭᠦᠨ ᠤ ᠨᠢᠭᠡ | ᠨᠢ ᠪᠤᠭᠤ ᠶᠢ ᠠᠪᠴᠤ ᠨᠥᠭᠦᠭᠡ ᠨᠢ ᠨᠣᠬᠠᠢ ᠠᠪᠴᠤ᠂ ᠪᠤᠭᠤ ᠨᠤᠬᠠᠢ ᠬᠤᠶᠠᠷ ᠡᠭᠡᠯᠵᠢᠯᠡᠨ ᠨᠡᠭᠦᠳᠡᠭ᠃ ᠪᠤᠭᠤ ᠶᠢ | ᠡᠪᠡᠷ ᠤᠨ ᠦᠵᠦᠭᠦᠷ ᠪᠤᠶᠤ ᠠᠯᠢ ᠨᠢᠭᠡᠨ ᠦᠨᠴᠦᠭ ᠲᠤᠨᠢ ᠶᠠᠪᠤᠬᠤ ᠵᠠᠮ ᠦᠭᠡᠢ ᠰᠢᠬᠠᠵᠤ ᠲᠠᠬᠢᠨ ᠨᠡᠭᠦᠭᠦ ᠪᠠᠭᠤᠳᠠᠯ | ᠦᠭᠡᠢ ᠪᠤᠯᠭᠠᠪᠠᠯ ᠨᠤᠬᠠᠢ ᠨᠢ ᠱᠦᠭᠦᠯᠲᠡ ᠪᠠᠨ ᠣᠯᠳᠠᠭ᠃ ᠬᠡᠷᠪᠡ ᠪᠤᠭᠤ ᠨᠢ ᠨᠤᠬᠠᠢ ᠶᠢᠨ ᠠᠷᠤ ᠲᠠᠯ᠎ᠠ ᠳᠤᠨᠢ | ᠰᠢᠷᠭᠤᠨ ᠤᠷᠤᠭᠠᠳ ᠴᠢᠳᠠᠪᠠᠯ ᠪᠤᠭᠤ ᠨᠢ ᠱᠦᠭᠦᠯᠲᠡ ᠪᠠᠨ ᠤᠯᠤᠨ᠎ᠠ᠃ ᠡᠬᠢᠯᠡᠵᠦ ᠨᠠᠭᠠᠳᠬᠤ ᠳᠠᠭᠠᠨ ᠦᠬᠡᠷ ᠤᠨ | ᠡᠪᠡᠷ ᠤᠨ ᠵᠠᠭᠪᠤᠷ ᠬᠥᠯᠭᠡ ᠶᠢᠨ ᠳᠤᠤᠷ᠎ᠠ ᠲᠠᠯ᠎ᠠ ᠶᠢᠨ ᠬᠤᠶᠠᠷ ᠪᠠᠭᠤᠳᠠᠯ ᠳᠤ ᠨᠤᠬᠠᠢ ᠰᠠᠭᠤᠵᠤ᠂ ᠳᠡᠭᠡᠷ᠎ᠡ ᠲᠠᠯ᠎ᠠ ᠶᠢᠨ | ᠳᠤᠤᠷ᠎ᠠ ᠨᠢᠭᠡᠨ ᠪᠠᠭᠤᠳᠠᠯ ᠳᠤ ᠪᠤᠭᠤ ᠰᠠᠭᠤᠨ᠎ᠠ᠃ ᠢᠩᠬᠢᠵᠦ ᠰᠠᠭᠤᠳᠠᠯ ᠳᠤ ᠪᠠᠶᠢᠷᠢᠰᠢᠭᠰᠠᠨ ᠤ ᠰᠡᠭᠦᠯᠡᠷ ᠪᠤᠭᠤ | ᠳᠦᠷᠦᠭᠦᠦ ᠨᠡᠭᠦᠵᠦ ᠳᠠᠷᠠᠭ᠎ᠠ ᠨᠢ ᠨᠤᠬᠠᠢ ᠨᠡᠭᠦᠳᠡᠭ ᠶᠤᠰᠤᠲᠠᠢ᠃ ᠡᠨᠡ ᠬᠦ ᠲᠤᠭᠯᠠᠭᠠᠮ ᠢ ᠬᠤᠨᠢ ᠮᠠᠯ ᠤᠨ ᠬᠦᠮᠦᠰ | ᠬᠦᠳᠡᠭᠡ ᠠᠭᠤᠯᠵᠠᠭᠠᠳ ᠨᠠᠭᠠᠳᠳᠠᠭ ᠪᠦᠭᠡᠳ ᠬᠡᠦᠬᠡᠳ ᠴᠤ ᠦᠷᠭᠦᠯᠵᠢ ᠨᠠᠭᠠᠳᠳᠠᠭ ᠪᠢᠯᠡ᠃ |