ᠲᠠᠮᠠᠭᠠᠳᠤ
ᠨᠡᠶᠢᠲᠡᠯᠡᠭᠰᠡᠨ ᠴᠠᠭ᠄
2010/10/1
              ᠲᠠᠮᠠᠭᠠᠳᠤ      ᠬᠤᠩᠭᠤᠷ ᠰᠤᠮᠤᠨ ᠤ ᠱᠢᠷᠦᠴᠠᠩᠳᠦ ᠭᠠᠴᠠᠭᠠᠨ ᠤ ᠨᠤᠳᠤᠭ ᠤᠨ ᠮᠤᠷᠤᠢ ᠴᠠᠭᠠᠨ ᠤᠪᠤᠭᠠᠨ ᠠᠴᠠ ᠵᠡᠬᠦᠨ ᠤᠷᠤᠭᠰᠢ ᠪᠠᠶᠢᠬᠤ ᠨᠢᠬᠡᠨ ᠲᠤᠮᠤ ᠪᠤᠷᠵᠢᠨ ᠦᠬᠡᠷ ᠴᠢᠯᠠᠭᠤ ᠶᠢ ᠬᠦᠮᠦᠰ ︽ᠲᠠᠮᠠᠭᠠᠳᠤ ᠬᠠᠳᠠ︾ ᠬᠡᠳᠡᠭ᠃      ᠲᠠᠮᠠᠭᠠᠳᠤ ᠬᠠᠳᠠ ᠬᠡᠰᠡᠨ ᠨᠡᠷ᠎ᠡ ᠶᠢᠨ ᠢᠷᠡᠯ ᠪᠤᠯ ᠡᠨᠡᠬᠦ ᠲᠤᠮᠤ ᠦᠬᠡᠷ ᠴᠢᠯᠠᠭᠤᠨ ᠤ ᠦᠶ᠎ᠡ ᠳᠤ ᠵᠢᠷᠤᠭᠰᠠᠨ ᠲᠤᠭᠤᠢ ᠲᠤᠭᠤᠷᠢᠭ ᠵᠢᠷᠤᠭ ᠪᠠᠶᠢᠳᠠᠭ ᠢᠶᠠᠷ ᠨᠢ ᠨᠤᠳᠤᠭ ᠤᠨ ᠬᠦᠮᠦᠰ ᠲᠠᠮᠠᠭ᠎ᠠ ᠲᠠᠢ ᠬᠠᠳᠠ ᠬᠡᠵᠦ ᠦᠵᠡᠬᠡᠳ ︽ᠲᠠᠮᠠᠭᠠᠳᠤ ᠬᠠᠳᠠ︾ ᠬᠡᠵᠦ ᠨᠡᠷᠡᠯᠡᠭᠰᠡᠨ ᠪᠠᠶᠢᠨ᠎ᠠ᠃ ᠬᠠᠭᠤᠴᠢ ᠰᠤᠳᠤᠯᠤᠭᠴᠢᠳ ᠤᠨ ᠦᠵᠡᠬᠦ ᠪᠠᠷ ᠡᠨᠡᠭᠦ ᠬᠠᠳᠠᠨ ᠎ ᠤ ᠵᠢᠷᠤᠭ ᠨᠢ ᠡᠷᠳᠡᠨ ᠤ ᠬᠦᠮᠦᠨ ᠤ ᠤᠪᠤᠭ ᠲᠦᠷᠦᠯ ᠤᠨ ᠲᠠᠮᠠᠭ᠎ᠠ ᠬᠡᠳᠡᠭ ᠬᠡᠮᠡᠨ ᠦᠵᠡᠳᠡᠭ ᠪᠦᠬᠡᠳ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠪᠦᠳᠦᠬᠡᠯ ᠪᠤᠯᠤᠨ᠎ᠠ᠃       ᠡᠨᠡᠬᠦ ᠲᠠᠮᠠᠭᠠᠳᠤ ᠬᠠᠳᠠ ᠳᠤ ᠪᠠᠰᠠ ︽ᠶᠡᠭᠡ ᠪᠠᠭ᠎ᠠ ᠲᠠᠮᠠᠭᠠᠳᠤ ᠬᠠᠳᠠ︾ ᠬᠡᠵᠦ ᠬᠡᠯᠡᠬᠦ ᠴᠤ ᠪᠤᠢ᠃              ᠪᠠᠭ᠎ᠠ ᠲᠠᠮᠠᠭᠠᠳᠤ       ᠡᠨᠡᠬᠦ ︽ᠲᠠᠮᠠᠭᠠᠳᠤ ᠬᠠᠳᠠ︾᠎ ᠠᠴᠠ ᠤᠷᠤᠭᠰᠢ ᠭᠤᠷᠪᠠᠨ ᠵᠠᠶᠢᠳᠠᠢ ᠤᠷᠤᠰᠢᠬᠤ ᠪᠠᠰᠠ ᠨᠢᠬᠡ ᠪᠡᠰᠡᠷᠡᠭ ᠦᠬᠡᠷ ᠴᠢᠯᠠᠭᠤ ᠶᠢ ︽ᠪᠠᠭ᠎ᠠ ᠲᠠᠮᠠᠭᠠᠳᠤ ᠬᠠᠳᠠ︾ ᠬᠡᠵᠦ ᠨᠡᠷᠡᠯᠡᠳᠡᠭ᠃       ᠡᠨᠡ ᠪᠡᠰᠡᠷᠡᠭ ᠦᠬᠡᠷ ᠴᠢᠯᠠᠭᠤᠨ ᠤ ᠡᠩᠭᠡᠷ ᠲᠠᠯ᠎ᠠ ᠳᠤ ᠲᠤᠯᠤᠭᠠᠨ ᠲᠤᠭᠤᠢ ᠲᠤᠭᠤᠷᠢᠭ ᠵᠢᠷᠤᠭ ᠲᠠᠢ ᠪᠤᠯᠬᠤᠷ ᠨᠤᠳᠤᠭ ᠤᠨ ᠬᠢᠨ ︽ᠪᠠᠭ᠎ᠠ ᠲᠠᠮᠠᠭᠠᠳᠤ ᠬᠠᠳᠠ︾ ᠬᠡᠵᠦ ᠨᠡᠷᠡᠯᠡᠭᠰᠡᠨ ᠪᠠᠶᠢᠨ᠎ᠠ᠃ ᠡᠨᠡ ᠬᠠᠳᠠᠨ ᠳᠠᠬᠢ ᠲᠤᠭᠤᠢ ᠲᠤᠭᠤᠷᠢᠭ ᠵᠢᠷᠤᠭ ᠪᠤᠯ ᠡᠷᠳᠡᠨ ᠤ ᠬᠦᠮᠦᠨ ᠤ ᠵᠢᠷᠤᠵᠦ ᠦᠯᠡᠳᠡᠭᠡᠭᠰᠡᠨ ᠤᠳᠤᠨ ᠤᠷᠤᠨ ᠤ ᠵᠢᠷᠤᠬᠠᠢ ᠶᠢᠨ ᠵᠢᠷᠤᠭ ᠲᠡᠮᠳᠡᠭ ᠬᠡᠵᠦ ᠡᠷᠳᠡᠮᠳᠡᠨ ᠰᠤᠳᠤᠯᠤᠭᠰᠠᠨ ᠴᠤ ᠪᠤᠢ᠃
 
ᠢᠷᠡᠯᠲᠡ᠄ ᠦᠨᠳᠦᠰᠦᠳᠡᠨ  ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶ᠎ᠠ ᠠᠴᠠ ᠬᠠᠨᠭ᠍ᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号