ᠨᠥᠭᠦᠰ ᠤᠨ ᠭᠤᠤᠯ
ᠨᠡᠶᠢᠲᠡᠯᠡᠭᠰᠡᠨ ᠴᠠᠭ᠄
2019/2/13
          ᠨᠥᠭᠦᠰ ᠤᠨ ᠭᠤᠤᠯ      ᠰᠢᠯᠤᠭᠤᠨ ᠭᠥᠬᠡ ᠬᠤᠰᠢᠭᠤᠨ ᠤ ᠪᠠᠶᠠᠨ ᠨᠠᠭᠤᠷ ᠭᠠᠴᠠᠭᠠᠨ ᠤ ᠬᠠᠷᠠᠭᠠᠳᠤ ᠶᠢᠨ ᠵᠡᠭᠦᠨ ᠰᠤᠭᠤ ᠠᠴᠠ ᠤᠶᠢᠯᠤᠨ ᠤᠷᠬᠢᠯᠵᠦ᠂ ᠮᠤᠳᠤ ᠪᠤᠷᠭᠠᠰᠤ ᠵᠥᠯᠬᠡ ᠬᠤᠯᠤᠰᠤᠨ ᠲᠤᠮᠳᠠᠭᠤᠷ᠂ ᠮᠤᠰᠬᠢᠯᠳᠤᠨ ᠡᠷᠬᠢᠯᠳᠤᠨ ᠤᠷᠤᠰᠤᠬᠰᠠᠭᠠᠷ᠂ ᠲᠠᠷᠭᠤᠨ ᠨᠠᠭᠤᠷ ᠤᠨ ᠮᠠᠩᠬ᠎ᠠ ᠶᠢ ᠡᠮᠤᠨ᠎ᠠ ᠠᠴᠠ ᠨᠢ ᠬᠤᠶᠢᠰᠢ ᠨᠠᠪᠳᠠᠯᠠᠵᠦ 80 ᠭᠠᠷᠤᠢ ᠭᠠᠵᠠᠷ ᠲᠠᠰᠤᠷᠠᠯ ᠥᠬᠡᠢ ᠤᠷᠤᠰᠴᠤ᠂ ᠡᠩᠬᠡᠷ ᠭᠤᠤᠯ ᠤᠷᠤᠭᠤ ᠴᠢᠤᠡᠬᠤᠵᠦ ᠪᠠᠶᠢᠭ᠎ᠠ ᠡᠨᠡᠭᠦ  ᠤᠷᠳᠤᠭᠤᠤᠯ ᠶᠢ ᠡᠷᠳᠠ ᠥᠶ᠎ᠠ ᠠᠴᠠ ︽ᠨᠥᠭᠦᠰ ᠤᠨ ᠭᠤᠤᠯ︾ ᠬᠡᠳᠡᠭ᠃      ᠡᠪᠤᠯ ᠭᠥᠯᠳᠠᠭᠦ ᠥᠬᠡᠢ᠂ ᠭᠠᠨᠭ᠌ ᠳᠤ ᠬᠠᠳᠠᠬᠤ ᠥᠬᠡᠢ ᠡᠨᠡᠭᠦ ᠭᠤᠤᠯ ᠢ ᠬᠠᠮᠢᠶ᠎ᠠ ᠥᠬᠡᠢ ᠬᠡᠳᠤᠯᠵᠦ ᠪᠤᠯᠳᠠᠭ ᠪᠢᠰᠢ᠂ ᠠᠳᠤᠭᠤ ᠥᠬᠡᠷ ᠤᠷᠤᠬᠰᠠᠨ ᠴᠦ ᠠᠮᠢᠳᠤ ᠭᠠᠷᠳᠠᠭ ᠨᠢ ᠲᠤᠩ ᠬᠤᠪᠤᠷ᠃      ᠡᠷᠳᠠ ᠥᠶ᠎ᠠ ᠶᠢᠨ ᠭᠥᠮᠤᠨ ᠮᠡᠯ ᠤᠨ ᠵᠠᠮ ᠶᠠᠪᠤᠳᠠᠭ ᠨᠢᠮᠬᠡᠨ ᠤᠰᠤ ᠲᠠᠢ᠂ ᠲᠤᠭᠤᠯᠵᠦ ᠭᠠᠷᠳᠠᠭ ᠲᠤᠰᠬᠠᠢ ᠭᠠᠵᠠᠷ ᠪᠠᠶᠢᠳᠠᠭ  ᠂ ᠲᠡᠭᠦᠨ ᠢ ᠲᠠᠷᠤᠢ ᠤᠯᠤᠮ ᠬᠡᠵᠦ ᠨᠠᠷᠠᠯᠠᠳᠡᠭ᠃ ᠤᠯᠤᠮ ᠪᠤᠯᠭᠠᠨ ᠨᠢ ᠪᠥᠷ ᠨᠠᠷ᠎ᠠ ᠲᠠᠢ᠂ ᠡᠯᠡᠰᠤᠳᠤ ᠤᠯᠤᠮ᠂ ᠬᠠᠨᠭ᠍ᠭᠠᠢ ᠤᠯᠤᠮ ᠠᠴᠠ ᠡᠬᠢᠯᠡᠬᠡᠤᠨ ᠲᠠᠷᠬᠠᠨ᠂ ᠪᠤᠤᠳᠠᠢ᠂ ᠲᠠᠯᠠᠢ᠂ ᠲᠠᠷᠠᠰᠤᠳᠠᠢ᠂ ᠨᠤᠶᠠᠨ ᠮᠤᠳᠤ᠂ ᠵᠠᠮᠪᠠᠭ ᠮᠤᠳᠤ᠂ ᠰᠢᠷ᠎ᠠ ᠲᠤᠬᠤᠢ ᠶᠢᠨ ᠤᠯᠤᠮ ᠬᠡᠤᠨ᠂᠂᠂᠂᠂᠂ ᠡᠩᠬᠡᠷ ᠭᠤᠤᠯ ᠤᠷᠤᠳᠠᠯ᠎ᠠ ᠲᠥᠴᠢ ᠲᠠᠪᠢᠭᠠᠤᠨ ᠤᠯᠤᠮ ᠪᠤᠢ᠃      ᠨᠥᠭᠦᠰ ᠤᠨ ᠭᠤᠤᠯ ᠪᠤᠢ ᠪᠤᠯᠤᠬᠰᠠᠨ ᠲᠤᠬᠠᠢ ᠪᠢᠴᠢᠭ ᠨᠤᠮ ᠲᠡᠬᠡᠷ᠎ᠠ᠂ ᠴᠢᠩᠬᠢᠰ ᠬᠠᠭᠠᠨ ᠲᠠᠩᠭᠤᠤᠨ ᠢ ᠲᠠᠶᠢᠯᠠᠬᠤ ᠠᠶᠠᠨ ᠤ ᠲᠤᠮᠳᠠ ᠪᠠᠨ ᠮᠤᠷᠢ ᠠᠴᠠ ᠪᠠᠨ ᠪᠠᠭᠤᠵᠦ ᠠᠮᠤᠰᠬᠢᠬᠤ ᠳᠠᠭᠠᠨ᠃ ᠡᠷᠳᠠᠨᠢ ᠶᠢᠨ ᠰᠠᠯᠠᠮ᠎ᠠ ᠪᠠᠨ ᠬᠠᠤᠡᠬᠤᠬᠰᠠᠨ ᠨᠥᠬᠡ ᠠᠴᠠ ᠨᠢ ᠤᠰᠤ ᠪᠤᠷᠬᠢᠯᠤᠨ ᠭᠠᠷᠴᠤ ᠭᠤᠤᠯ ᠭᠤᠷᠤᠬ᠎ᠠ ᠪᠤᠯᠤᠬᠰᠠᠨ ᠬᠡᠵᠦ ᠲᠠᠮᠳᠡᠭᠯᠡᠭᠰᠠᠨ ᠪᠠᠶᠢᠳᠠᠭ᠃      ᠨᠤᠳᠤᠭ ᠤᠨ ᠪᠤᠭᠤᠷᠤᠯᠴᠤᠤᠨ ᠤᠨ ᠥᠶ᠎ᠠ ᠶᠢᠨ ᠥᠶ᠎ᠠ ᠤᠯᠠᠮᠵᠢᠯᠠᠵᠦ ᠶᠠᠷᠢᠬᠳᠠᠬᠰᠠᠨ ᠲᠤᠮᠤᠭ ᠢᠶᠠᠷ ᠪᠤᠯ᠂ ᠴᠢᠩᠬᠢᠰ ᠬᠠᠭᠠᠨ ᠡᠮᠤᠨ᠎ᠠ ᠠᠴᠠ ᠬᠤᠶᠢᠰᠢ ᠪᠠᠨ ᠶᠠᠪᠤᠬᠤ ᠳᠠᠭᠠᠨ᠂ ᠤᠷᠭ᠎ᠠ ᠪᠠᠨ ᠴᠢᠷᠤᠬᠡᠤᠨ ᠲᠠᠪᠬᠢᠬᠰᠠᠨ ᠠᠴᠠ ᠤᠷᠭᠠᠨ ᠤ ᠬᠢᠨᠢ ᠪᠤᠯᠴᠤᠤ ᠴᠢᠷᠤᠭ᠍ᠳᠡᠭᠰᠠᠨ ᠤᠷᠤᠮ ᠠᠴᠠ ᠨᠢ ᠨᠥᠭᠦᠰ ᠤᠨ ᠭᠤᠤᠯ ᠢ ᠤᠷᠬᠢᠯᠵᠦ ᠭᠠᠷᠤᠬᠰᠠᠨ ᠬᠡᠳᠡᠭ ᠲᠤᠮᠤᠭ ᠲᠠᠢ᠃      ᠶᠠᠭᠤ ᠪᠤᠯᠤᠬᠰᠠᠨ ᠴᠦ ᠴᠠᠬᠠᠷ ᠰᠥᠨᠢᠤᠨ ᠤᠨ ᠨᠤᠳᠤᠭ ᠢ ᠬᠤᠯᠪᠤᠬᠰᠠᠨ ᠮᠥᠡᠭᠭᠦᠨ ᠬᠡᠯᠬᠢᠶ᠎ᠠ᠂ ᠡᠯᠡᠰᠤ ᠮᠠᠩᠬ᠎ᠠ ᠶᠢ ᠮᠥᠡᠭᠭᠦᠨ ᠤᠳᠠᠰᠤ ᠰᠢᠭ᠋ ᠭᠥᠪᠤᠷᠳᠤᠭ᠍ᠰᠠᠨ ᠮᠥᠡᠭᠭᠦᠨ ᠭᠤᠤᠯ ᠮᠠᠨᠢ᠂ ᠲᠠᠪᠤᠨ ᠬᠤᠰᠢᠭᠤ ᠮᠡᠯ ᠤᠨ ᠤᠮᠳᠠᠭᠠᠨ ᠪᠤᠯᠵᠦ᠂ ᠬᠠᠶᠢᠯᠠᠰᠤ ᠪᠤᠷᠭᠠᠰᠤ ᠮᠤᠳᠤ᠂ ᠨᠠᠮᠠᠭ᠎ᠠ ᠨᠠᠪᠴᠢ ᠶᠢ ᠵᠠᠯᠭᠠᠯᠳᠤᠬᠰᠠᠨ᠂ ᠬᠠᠷᠢ ᠭᠠᠵᠠᠷ ᠤᠨ ᠨᠡᠭᠦᠳᠠᠯ ᠤᠨ ᠰᠢᠪᠠᠭᠤᠤᠨ ᠵᠢᠷᠬᠢᠯᠳᠤᠨ ᠲᠤᠩᠭᠤᠳᠤᠬᠰᠠᠨ᠂ ᠵᠡᠷᠯᠢᠭ ᠠᠳᠤᠭᠤ ᠥᠬᠡᠷ ᠤᠨ ᠥᠯᠤᠬᠡᠢ ᠪᠤᠯᠤᠬᠰᠠᠨ᠂ ᠵᠥᠢᠯ ᠵᠢᠰᠤᠮ ᠤᠨ ᠬᠡᠬᠡᠷ᠎ᠠ ᠶᠢᠨ ᠠᠷᠢᠶᠠᠳᠠᠨ ᠤ ᠰᠠᠭᠤᠷᠢᠨ ᠪᠤᠯᠤᠬᠰᠠᠨ ᠲᠡᠬᠡᠳᠤ ᠶᠢᠨ ᠥᠶ᠎ᠠ ᠠᠴᠠ ᠵᠠᠶᠠᠭᠠᠬᠰᠠᠨ ᠲᠠᠯᠬᠡᠷ ᠪᠤᠶᠠᠨ ᠲᠠᠢ ᠮᠥᠡᠭᠬᠡ ᠶᠢᠨ ᠭᠤᠤᠯ ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号