ᠮᠣᠩᠭᠤᠯ ᠰᠢᠲᠠᠷ᠎ᠠ ᠨᠠᠭᠠᠳᠬᠤ
ᠨᠡᠶᠢᠲᠡᠯᠡᠭᠰᠡᠨ ᠴᠠᠭ᠄
2020/5/29
       ᠮᠣᠩᠭᠤᠯ ᠰᠢᠲᠠᠷ᠎ᠠ ᠪᠣᠯ ᠽᠠᠨᠳᠠᠨ ᠮᠣᠳᠣ᠂ ᠰᠤᠮᠤᠨ ᠮᠣᠳᠣ᠂ ᠳᠤᠰᠣ ᠮᠣᠳᠣ᠂ ᠶᠠᠰᠣ᠂ ᠡᠪᠡᠷ ᠢᠶᠠᠷ ᠤᠷᠠᠯᠠᠵᠤ ᠬᠢᠭᠰᠡᠨ ᠲᠤᠭᠯᠠᠭᠠᠮ ᠶᠤᠮ᠃ ᠰᠦᠨᠢᠳ ᠤᠷᠠᠴᠤᠳ ᠦᠪᠡᠷᠰᠡᠳ ᠢᠶᠠᠨ ᠤᠷᠠᠯᠠᠵᠤ ᠰᠡᠶᠢᠯᠵᠦ ᠭᠤᠶᠣ ᠰᠠᠶᠢᠬᠠᠨ ᠬᠢᠳᠡᠭ᠃ ᠰᠢᠲᠠᠷ᠎ᠠ ᠶᠢᠨ ᠨᠣᠶᠠᠨ ᠢ ᠰᠡᠦᠬᠡ ᠲᠡᠷᠭᠡ ᠪᠣᠶᠣ ᠰᠠᠨᠳᠠᠯᠢ ᠳᠡᠭᠡᠷ᠎ᠡ ᠰᠠᠭᠤᠭ᠎ᠠ ᠬᠦᠮᠦᠨ᠂ ᠪᠡᠷᠰᠡ ᠶᠢ ᠠᠷᠰᠯᠠᠨ ᠪᠠᠷᠰ ᠤᠨ ᠳᠦᠷᠰᠦ ᠪᠠᠷ᠂ ᠲᠡᠮᠡᠭᠡ ᠶᠢ ᠰᠢᠷᠡᠭᠡ ᠪᠦᠬᠦ ᠲᠠᠢ ᠪᠤᠤᠷ᠎ᠠ᠂ ᠮᠣᠷᠢ ᠶᠢ ᠠᠵᠢᠷᠭ᠎ᠠ ᠪᠤᠶᠤ ᠤᠨᠠᠭ᠎ᠠ ᠲᠠᠢ ᠭᠡᠭᠦᠦ᠂ ᠬᠦᠦ ᠶᠢ ᠳᠡᠪᠢᠵᠤ ᠪᠠᠶᠢᠭ᠎ᠠ ᠪᠦᠬᠡᠴᠢᠨ ᠢᠶᠠᠷ ᠲᠤᠰ ᠲᠤᠰ ᠠᠮᠢᠳᠤ ᠴᠤᠪᠤᠭᠤᠯᠢᠭ ᠤᠷᠠᠨ ᠳᠦᠷᠰᠦᠯᠢᠭ ᠰᠡᠶᠢᠯᠵᠦ ᠤᠷᠠᠯᠠᠨ ᠪᠤᠳᠤᠭ ᠢᠶᠠᠷ ᠪᠤᠳᠤᠵᠤ ᠶᠡᠭᠡ ᠰᠠᠶᠢᠬᠠᠨ ᠬᠢᠳᠡᠭ ᠪᠠᠶᠢᠵᠠᠢ᠃        ᠡᠨᠡ ᠬᠦ ᠮᠤᠩᠭᠤᠯᠴᠤᠳ ᠬᠦᠮᠦᠨ ᠤ ᠤᠷ᠎ᠠ ᠤᠬᠠᠭᠠᠨ ᠬᠤᠣᠰᠯᠠᠭᠰᠠᠨ ᠰᠢᠲᠠᠷ᠎ᠡ ᠨᠢ ᠨᠤᠶᠠᠨ᠂ ᠪᠡᠷᠰᠡ᠂ ᠬᠠᠩᠭᠠᠢ᠂ ᠲᠡᠮᠡᠭᠡ᠂ ᠮᠣᠷᠢ᠂ ᠭᠥᠥ ᠵᠡᠷᠭᠡ ᠭᠤᠴᠢᠨ ᠬᠤᠶᠠᠷ ᠪᠠᠶᠢᠵᠤ᠂ ᠵᠢᠷᠠᠨ ᠳᠦᠷᠪᠡᠨ ᠰᠠᠭᠤᠳᠠᠯ ᠲᠠᠢ᠃ ᠬᠠᠷ᠎ᠠ ᠴᠠᠭᠠᠨ ᠬᠤᠶᠠᠷ ᠦᠩᠭᠡ ᠪᠠᠷ ᠢᠯᠭᠠᠨ ᠪᠤᠳᠤᠵᠤ᠂ ᠬᠤᠶᠠᠷ ᠲᠠᠯ᠎ᠠ ᠨᠢ ᠲᠤᠰ ᠪᠦᠷᠢ ᠨᠢᠭᠡ ᠨᠤᠶᠠᠨ᠂ ᠨᠢᠭᠡ ᠪᠡᠷᠰᠡ᠂ ᠬᠤᠶᠠᠷ ᠬᠠᠩᠭᠠᠢ᠂ ᠬᠤᠶᠠᠷ ᠲᠡᠮᠡᠭᠡ᠂ ᠬᠤᠶᠠᠷ ᠮᠣᠷᠢ ᠨᠠᠢᠮᠠᠨ ᠬᠥᠥ ᠲᠠᠢ ᠪᠠᠶᠢᠳᠠᠭ᠃ ᠰᠢᠲᠠᠷ᠎ᠠ ᠶᠢᠨ ᠬᠦᠯᠭᠡ ᠨᠢ ᠬᠦᠨᠳᠡᠯᠡᠨ ᠭᠤᠯᠳᠤ ᠶᠢᠰᠦᠨ ᠰᠢᠯᠤᠭᠤᠨ ᠵᠢᠷᠤᠭᠠᠰᠤ ᠪᠠᠷ ᠬᠠᠷ᠎ᠠ ᠴᠠᠭᠠᠨ ᠪᠤᠳᠤᠭ ᠤᠷᠤᠭᠤᠯᠤᠨ ᠰᠦᠯᠵᠢᠭᠰᠡᠨ ᠵᠢᠷᠠᠨ ᠳᠦᠷᠪᠡᠨ ᠰᠠᠭᠤᠳᠠᠯ ᠲᠠᠢ᠃        ᠰᠢᠲᠠᠷ᠎ᠠ ᠶᠢᠨ ᠦᠷᠦᠯᠲᠡ ᠨᠢ ᠲᠠᠯ᠎ᠠ ᠲᠠᠯ᠎ᠠ ᠶᠢᠨ ᠰᠠᠭᠤᠳᠠᠯ ᠤᠨ ᠭᠤᠣᠯ ᠤᠨ ᠬᠤᠶᠠᠷ ᠰᠠᠭᠤᠳᠠᠯ ᠳᠤ ᠨᠤᠶᠠᠨ ᠪᠡᠷᠰᠡ ᠰᠠᠭᠠᠳᠠᠵᠤ᠂ ᠬᠤᠶᠠᠷ ᠬᠠᠵᠠᠭᠤ ᠪᠠᠷ ᠨᠢ ᠲᠡᠮᠡᠭᠡ᠂ ᠮᠣᠷᠢ᠂ ᠬᠠᠩᠭᠠᠢ ᠲᠤᠰ ᠲᠤᠰ ᠪᠠᠶᠢᠷᠢᠯᠠᠵᠤ᠂ ᠪᠤᠲᠠ ᠪᠦᠭᠦᠳᠡ ᠶᠢᠨ ᠡᠮᠦᠨ᠎ᠡ ᠰᠠᠭᠤᠳᠠᠯ ᠢ ᠨᠠᠢᠮᠠᠨ ᠬᠦᠦ ᠡᠵᠡᠯᠡᠳᠡᠭ᠃ ᠰᠢᠲᠠᠷ᠎ᠠ ᠶᠢᠨ ᠲᠤᠭᠲᠠᠭᠰᠠᠨ ᠶᠤᠰᠤ ᠭᠤᠷᠢᠮ ᠲᠠᠢ᠃        ᠰᠢᠲᠠᠷ᠎ᠠ ᠨᠡᠭᠦᠬᠦ ᠳᠡᠭᠡᠨ ᠨᠤᠶᠠᠨ ᠤ ᠡᠮᠦᠨ᠎ᠡ ᠪᠠᠶᠢᠭ᠎ᠠ ᠬᠦᠦ ᠠᠴᠠ ᠡᠬᠢᠯᠡᠨ ᠠᠩᠬᠠᠨ ᠤ ᠨᠡᠭᠦᠳᠡᠯ ᠳᠡᠭᠡᠨ ᠵᠠᠪᠠᠯ ᠤᠷᠤᠭᠰᠢ ᠰᠢᠭᠤᠳ ᠬᠤᠶᠠᠷ ᠪᠠᠭᠤᠳᠠᠯ ᠳᠤ ᠨᠡᠭᠦᠨ᠎ᠡ᠃ ᠢᠩᠭᠢᠭᠰᠡᠨ ᠤ ᠰᠡᠭᠦᠯᠡᠷ ᠰᠢᠳᠠᠷᠠᠴᠤᠳ ᠦᠪᠡᠷ ᠤᠨ ᠠᠯᠢ ᠠᠰᠢᠭᠲᠠᠢ ᠭᠡᠵᠦ ᠦᠵᠡᠭᠰᠡᠨ ᠲᠡᠰᠢ ᠨᠡᠭᠦᠳᠡᠯ ᠡᠭᠡᠯᠵᠢᠯᠡᠨ ᠨᠠᠭᠠᠳᠬᠤ ᠶᠤᠰᠤᠲᠠᠢ᠃ᠮᠠᠨ ᠤ ᠰᠦᠨᠢᠳ ᠲᠤ ᠰᠢᠲᠠᠷ᠎ᠠ ᠨᠠᠭᠠᠳᠬᠤ ᠶᠢ ᠶᠡᠷᠦ ᠨᠢ ᠰᠢᠲᠠᠷ᠎ᠠ ᠦᠷᠦᠨ᠎ᠡ ᠭᠡᠵᠦ ᠬᠡᠯᠡᠳᠡᠭ᠃ ᠰᠢᠲᠠᠷ᠎ᠠ ᠶᠢᠨ ᠨᠤᠶᠠᠨ᠂ ᠪᠡᠷᠰᠡ᠂ ᠲᠡᠮᠡᠭᠡ᠂ ᠬᠠᠩᠭᠠᠢ᠂ ᠮᠣᠷᠢ᠂ ᠬᠦᠦ ᠨᠢ ᠪᠦᠷ ᠦᠪᠡᠷ ᠤᠨ ᠲᠤᠭᠲᠠᠭᠰᠠᠨ ᠨᠡᠭᠦᠳᠡᠯ ᠤᠨ ᠶᠣᠰᠣ ᠎ ᠲᠠᠢ ᠪᠠᠶᠢᠳᠠᠭ᠃        ᠰᠦᠨᠢᠳ ᠲᠤ ᠰᠢᠲᠠᠷ᠎ᠠ ᠨᠠᠭᠠᠳᠬᠤ ᠳᠠᠭᠠᠨ ᠴᠢᠯᠦᠭᠡ ᠴᠠᠭ ᠲᠠᠭᠠᠨ ᠬᠡᠳᠡᠭᠦᠯᠡ ᠨᠡᠶᠢᠯᠡᠵᠦ ᠤᠶᠤᠨ ᠢᠶᠠᠨ ᠰᠡᠷᠭᠦᠭᠡᠵᠦ᠂ ᠴᠡᠩᠭᠡᠯ ᠵᠤᠭ᠎ᠠ ᠶᠢᠨ ᠬᠤᠪᠢ ᠳᠤ ᠨᠠᠭᠠᠳᠬᠤ᠂ ᠨᠠᠶᠢᠷ ᠨᠠᠭᠠᠳᠤᠮ᠂ ᠪᠠᠶᠠᠷ ᠬᠤᠷᠢᠮ ᠳᠤ ᠨᠠᠭᠠᠳᠬᠤ᠂ ᠤᠷᠤᠯᠳᠤᠭᠠᠨ ᠶᠠᠪᠤᠭᠤᠯᠵᠤ ᠨᠠᠭᠠᠳᠬᠤ ᠵᠡᠷᠭᠡ ᠤᠯᠠᠨ ᠶᠠᠩᠵᠤ ᠪᠠᠷ ᠨᠠᠭᠠᠳᠤᠨ᠎ᠠ᠃ ᠡᠷᠡᠭᠲᠡᠢ ᠡᠮᠡᠭᠲᠡᠢ᠂ ᠬᠡᠦᠬᠡᠳ ᠭᠡᠰᠡᠨ ᠦᠭᠡᠢ ᠪᠦᠷ ᠰᠢᠲᠠᠷ᠎ᠠ ᠨᠠᠭᠠᠳᠬᠤ ᠳᠤ ᠳᠤᠷ᠎ᠠ ᠪᠠᠭ᠋ᠠᠲᠠᠢ ᠪᠠᠶᠢᠳᠠᠭ᠃ ᠪᠠᠶᠠᠷ ᠨᠠᠭᠠᠳᠤᠮ ᠳᠤ ᠤᠷᠤᠯᠳᠤᠭᠠᠨ ᠶᠠᠪᠤᠭᠤᠯᠵᠤ ᠨᠠᠭᠠᠳᠪᠠᠯ ᠲᠡᠷᠢᠭᠦᠯᠡᠭᠰᠡᠨ ᠬᠦᠮᠦᠨ ᠳᠤᠨᠢ ᠱᠠᠩ ᠦᠭᠳᠡᠭ ᠶᠤᠰᠤᠲᠠᠢ᠃        ᠰᠢᠲᠠᠷ᠎ᠠ ᠶᠢᠨ ᠱᠦᠭᠦᠯᠲᠡ ᠳᠤ ᠤᠯᠠᠨ ᠶᠠᠩᠵᠤ ᠶᠢᠨ ᠱᠦᠭᠦᠯᠲᠡ ᠪᠠᠶᠢᠳᠠᠭ ᠪᠦᠭᠡᠳ ᠰᠦᠨᠢᠳ ᠲᠤ ᠮᠦᠨ ᠦᠪᠡᠷᠮᠢᠴᠡ ᠣᠨᠴᠠᠯᠢᠭ ᠲᠠᠢ ᠳᠠᠭᠤᠳᠠᠯᠭ᠎ᠠ ᠪᠦᠬᠦᠢ ᠱᠦᠭᠦᠯᠲᠡ ᠪᠤᠢ᠃ ᠪᠠᠶᠠᠨ ᠮᠠᠳ ᠢ ᠰᠢᠲᠠᠷ᠎ᠠ ᠦᠷᠦᠭᠡᠳ ᠡᠰᠡᠷᠭᠦᠦ ᠲᠠᠯ᠎ᠠ ᠠᠴᠠ ᠪᠠᠨ ᠨᠢᠭᠡ ᠶᠢ ᠴᠤ ᠢᠳᠡᠭᠡ ᠦᠭᠡᠢ ᠪᠠᠶᠢᠳᠠᠯ ᠳᠤᠤᠷ᠎ᠠ ᠬᠤᠶᠠᠷᠬᠠᠨ ᠨᠡᠭᠦᠳᠡᠯ ᠢᠶᠠᠷ ᠨᠤᠶᠠᠨ ᠢ ᠱᠠᠯᠠᠵᠤ᠂ ᠶᠠᠪᠤᠬᠤ ᠵᠠᠮ ᠦᠭᠡᠢ ᠪᠤᠯᠭᠠᠵᠤ ᠱᠦᠭᠦᠳᠡᠭ᠃ ᠡᠶᠢᠮᠦ ᠱᠦᠭᠦᠯᠲᠡ ᠲᠤᠩ ᠴᠦᠭᠡᠭᠡᠨ ᠲᠤᠬᠢᠶᠠᠯᠳᠤᠨ᠎ᠠ᠃        ᠮᠣᠷᠢᠨ ᠤ ᠱᠦᠭᠦᠯᠲᠡ ᠳᠤ ᠠᠯᠠᠭ ᠠᠷᠪᠠ᠂ ᠠᠯᠠᠭ ᠨᠠᠢᠮᠠ᠂ ᠮᠣᠷᠢᠨ ᠳᠥᠷᠪᠡ ᠭᠡᠵᠦ ᠰᠤᠨᠢᠨ ᠨᠡᠷ᠎ᠡ ᠳᠠᠭᠤᠳᠠᠯᠭ᠎ᠠ ᠲᠠᠢ ᠱᠦᠭᠦᠯᠲᠡ ᠪᠠᠶᠢᠳᠠᠭ ᠪᠦᠭᠡᠳ ᠰᠠᠶᠢᠨ ᠰᠢᠳᠠᠷᠠᠴᠤᠳ ᠪᠣᠯ ᠮᠣᠷᠢᠨ ᠱᠦᠭᠦᠯᠲᠡ ᠬᠢᠳᠡᠭ᠃ ᠰᠦᠨᠢᠳᠴᠤᠳ ᠰᠢᠲᠠᠷ᠎ᠠ ᠨᠠᠭᠠᠳᠬᠤ ᠳᠠᠭᠠᠨ ᠮᠣᠷᠢᠨ ᠱᠦᠭᠦᠯᠲᠡ ᠶᠢ ᠬᠠᠮᠤᠭ ᠤᠨ ᠰᠠᠶᠢᠨ ᠱᠦᠭᠦᠯᠲᠡ ᠭᠡᠵᠦ ᠦᠵᠡᠳᠡᠭ᠃ ᠡᠭᠦᠨ ᠠᠴᠠ ᠭᠠᠳᠠᠨ᠎ᠠ᠂ ᠬᠦᠦ ᠶᠢᠨ ᠲᠦᠭᠦᠬᠡᠢ᠂ ᠲᠦᠮᠡᠨ ᠲᠦᠭᠦᠬᠡᠢ ᠭᠡᠬᠦ ᠮᠡᠲᠦ ᠤᠯᠠᠨ ᠱᠦᠭᠦᠯᠲᠡ ᠱᠦᠭᠦᠳᠡᠯ ᠪᠠᠶᠢᠳᠠᠭ᠃ ᠭᠠᠳᠠᠨ᠎ᠠ ᠬᠤᠰᠢᠭᠤ ᠪᠣᠶᠤ ᠥᠭᠡᠷ᠎ᠡ ᠭᠠᠵᠠᠷ ᠤᠨ ᠬᠦᠮᠦᠨ ᠲᠠᠢ ᠨᠠᠭᠠᠳᠪᠠᠯ ᠲᠠᠪᠤᠨ ᠢᠷᠸ᠎ᠠ ᠶᠢᠨ ᠱᠦᠭᠦᠯᠲᠡ ᠬᠢᠵᠦ᠂        ᠠᠷᠭᠠᠲᠤ ᠪᠡᠷᠰᠡ ᠶᠢᠨ ᠤᠷᠠᠨ ᠱᠠᠭ        ᠬᠠᠵᠠᠳᠠᠭ ᠪᠣᠣᠷ᠎ᠠ ᠶᠢᠨ ᠳᠠᠭᠠᠷᠢᠨ ᠳ᠋ᠤᠭ        ᠬᠠᠩᠭᠠᠢ ᠲᠡᠷᠭᠡᠨ ᠤ ᠬᠠᠯᠠᠭ᠎ᠠ ᠱᠠᠭ        ᠦᠷᠦᠭᠡᠯ ᠲᠠᠢ ᠮᠣᠷᠢᠨ ᠤ ᠢᠰᠭᠦᠯᠦᠭᠡ ᠱᠠᠭ        ᠦᠨᠦᠴᠢᠨ ᠬᠦᠦ ᠶᠢᠨ ᠦᠯᠦᠨ ᠴᠤᠳᠭᠡᠵᠦ ᠱᠦᠭᠦᠯᠲᠡ ᠬᠢᠳᠡᠭ ᠪᠠᠶᠢᠵᠠᠢ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号