ᠨᠠᠭᠠᠳᠣᠮ ᠲᠤᠭᠯᠠᠭᠠᠮ
ᠨᠡᠶᠢᠲᠡᠯᠡᠭᠰᠡᠨ ᠴᠠᠭ᠄
2020/6/28
                    ᠵᠢᠷᠠᠨ ᠬᠠᠶᠠᠬᠤ                ᠵᠢᠷᠠᠨ ᠬᠠᠶᠠᠬᠤ ᠭᠡᠳᠡᠭ ᠱᠠᠭ᠎ᠠ ᠲᠤᠭᠯᠠᠭᠠᠮ ᠪᠣᠯ ᠡᠮᠡᠭᠡᠯ ᠤᠨ ᠬᠦᠯᠢᠮ ᠪᠣᠶᠣ ᠡᠭᠦᠨ ᠤ ᠬᠡᠮᠵᠢᠶ᠎ᠡ ᠲᠠᠢ ᠠᠳᠠᠰᠬ᠎ᠠ ᠳᠡᠭᠡᠷ᠎ᠡ ᠵᠢᠷᠠᠨ ᠲᠣᠭᠠᠨ ᠤ ᠱᠠᠭ᠎ᠠ ᠶᠢ ᠪᠠᠭᠲᠠᠭᠠᠨ ᠬᠠᠶᠠᠵᠤ᠂ ᠨᠢᠰᠠᠯᠵᠣ᠂ ᠬᠠᠷᠪᠤᠵᠤ ᠨᠠᠭᠠᠳᠬᠤ ᠶᠢ ᠬᠡᠯᠡᠨ᠎ᠡ᠃ ᠣᠯᠠᠩᠬᠢ ᠳᠠᠭᠠᠨ ᠬᠤᠶᠠᠷ ᠬᠦᠮᠦᠨ ᠡᠭᠡᠯᠵᠢᠯᠡᠨ ᠨᠠᠭᠠᠳᠬᠤ ᠪᠦᠭᠡᠳ ᠵᠠᠷᠢᠮ ᠳᠠᠭᠠᠨ ᠬᠡᠳᠦ ᠬᠡᠳᠦᠨ ᠬᠦᠮᠦᠨ ᠨᠠᠭᠠᠳᠴᠤ ᠪᠣᠯᠳᠠᠭ᠃          ᠡᠬᠢᠯᠡᠵᠦ ᠨᠠᠭᠠᠳᠬᠤ ᠬᠦᠮᠦᠨ ᠵᠠᠪᠠᠯ ᠬᠤᠪᠢᠳᠠᠵᠤ ᠠᠪᠤᠭᠰᠠᠨ ᠵᠢᠷᠠᠨ ᠲᠣᠭᠠᠨ ᠤ ᠱᠠᠭ᠎ᠠ ᠪᠠᠨ ᠲᠡᠷᠡ ᠬᠦᠯᠢᠮ ᠪᠣᠶᠣ ᠠᠳᠠᠰᠬ᠎ᠠ ᠶᠢᠨ ᠭᠠᠳᠠᠨ᠎ᠠ ᠲᠤᠰᠪᠠᠯ ᠨᠥᠭᠦᠭᠡ ᠨᠢᠭᠡ ᠬᠦᠮᠦᠨ ᠨᠢ ᠲᠡᠷᠡ ᠭᠠᠳᠠᠨ᠎ᠠ ᠲᠤᠰᠤᠭᠰᠠᠨ ᠱᠠᠭ᠎ᠠ ᠶᠢ ᠠᠪᠴᠤ ᠬᠠᠶᠠᠵᠤ ᠥᠭᠭᠦᠨ᠎ᠡ᠃ ᠢᠩᠬᠢᠭᠡᠳ ᠡᠬᠢᠯᠡᠵᠦ ᠨᠠᠭᠠᠳᠤᠭᠰᠠᠨ ᠬᠦᠮᠦᠨ ᠨᠢᠭᠡ ᠨᠢᠭᠡ ᠵᠦᠢᠷᠡᠢ ᠪᠠᠷ ᠬᠠᠷᠪᠤᠵᠤ ᠨᠢᠰᠠᠯᠵᠤ ᠠᠪᠤᠭᠠᠳ ᠨᠢᠭᠡ ᠴᠤ ᠦᠯᠡᠳᠡᠭᠡᠯ ᠦᠭᠡᠢ ᠠᠪᠴᠤ ᠴᠢᠳᠠᠪᠠᠯ ᠱᠦᠭᠦᠳᠡᠭ᠃ ᠬᠡᠷᠪᠡ ᠵᠢᠷᠭᠤᠭ᠎ᠠ ᠠᠴᠠ ᠢᠯᠡᠭᠦᠦ ᠱᠠᠭ᠎ᠠ ᠬᠦᠯᠢᠮ ᠪᠠ ᠠᠳᠠᠰᠬ᠎ᠠ ᠶᠢᠨ ᠭᠠᠳᠠᠨ᠎ᠠ ᠲᠤᠰᠪᠠᠯ ᠡᠬᠢᠯᠡᠵᠦ ᠬᠠᠶᠠᠭᠰᠠᠨ ᠬᠦᠮᠦᠨ ᠨᠠᠭᠠᠳᠬᠤ ᠡᠷᠬᠡ ᠪᠠᠨ ᠠᠯᠳᠠᠵᠤ᠂ ᠨᠦᠭᠦᠭᠡ ᠬᠦᠮᠦᠨ ᠨᠢ ᠡᠬᠢᠯᠡᠵᠦ ᠵᠢᠷᠠᠨ ᠱᠠᠭ᠎ᠠ ᠪᠠᠨ ᠬᠠᠶᠠᠵᠤ ᠨᠠᠭᠠᠳᠤᠨ᠎ᠠ᠃ ᠡᠨᠡ ᠮᠡᠲᠦ ᠪᠠᠷ ᠡᠭᠡᠯᠵᠢᠯᠡᠨ ᠬᠠᠶᠠᠵᠤ᠂ ᠬᠡᠨ ᠨᠢ ᠱᠠᠭ᠎ᠠ ᠦᠭᠡᠢ ᠪᠣᠯᠪᠠᠯ ᠲᠡᠷᠡ ᠨᠢ ᠱᠦᠭᠦᠭᠳᠡᠵᠦ ᠨᠠᠭᠠᠳᠤᠮ ᠳᠡᠭᠦᠰᠦᠨ᠎ᠡ᠃          ᠵᠢᠷᠠᠨ ᠬᠠᠶᠠᠬᠤ ᠨᠢ ᠮᠦᠨ ᠪᠣᠰᠣᠳ ᠱᠠᠭ᠎ᠠ ᠲᠤᠭᠯᠠᠭᠠᠮ ᠲᠠᠢ ᠠᠳᠠᠯᠢ ᠶᠣᠰᠣ ᠳᠦᠷᠢᠮ ᠲᠠᠢ᠃ᠲᠡᠮᠡᠭᠡ ᠤᠷᠤᠯᠳᠤᠭᠤᠯᠬᠤ          ᠲᠡᠮᠡᠭᠡ ᠤᠷᠤᠯᠳᠤᠭᠤᠯᠬᠤ ᠲᠤᠭᠯᠠᠭᠠᠮ ᠪᠣᠯ ᠨᠠᠭᠠᠳᠤᠮ ᠳᠤ ᠤᠷᠤᠯᠴᠠᠭᠰᠠᠨ ᠬᠦᠮᠦᠨ ᠬᠤᠪᠢᠳᠠᠵᠤ ᠠᠪᠤᠭᠰᠠᠨ ᠪᠣᠶᠣ ᠬᠠᠶᠠᠬᠤ ᠱᠠᠭ᠎ᠠ ᠪᠠᠨ ᠲᠡᠮᠲᠡᠭᠯᠡᠵᠦ ᠤᠷᠤᠯᠳᠤᠭᠠᠨ ᠤ ᠲᠡᠮᠡᠭᠡ ᠪᠤᠯᠭᠠᠨ᠎ᠠ᠃ ᠤᠯᠠᠨ ᠲᠡᠮᠡᠭᠡ ᠴᠤᠪᠤᠷᠠᠭᠤᠯᠤᠨ ᠪᠤᠰᠬᠠᠵᠤ ᠲᠠᠯᠪᠢᠭᠠᠳ ᠲᠡᠮᠲᠡᠭ ᠲᠠᠢ ᠲᠡᠮᠡᠭᠡ ᠪᠠᠨ ᠴᠤᠪᠤᠷᠠᠯᠳᠤᠭᠤᠯᠤᠨ ᠲᠠᠯᠪᠢᠭᠰᠠᠨ ᠲᠡᠮᠡᠭᠡᠨ ᠤ ᠬᠠᠮᠤᠭ ᠰᠡᠭᠦᠯᠴᠢ ᠶᠢᠨ ᠮᠦᠷ ᠲᠤ ᠵᠡᠷᠭᠡᠴᠡᠭᠦᠯᠦᠨ ᠵᠢᠭᠰᠠᠭᠠᠵᠤ ᠲᠠᠯᠪᠢᠨ᠎ᠠ᠃ ᠤᠷᠤᠯᠳᠤᠭᠠᠨ ᠳᠤ ᠤᠷᠤᠬᠤ ᠲᠡᠮᠲᠡᠭ ᠎ ᠲᠠᠢ ᠱᠠᠭ᠎ᠠ ᠪᠠᠨ ᠨᠡᠶᠢᠯᠡᠭᠦᠯᠦᠨ ᠡᠭᠡᠯᠵᠢᠯᠡᠨ ᠬᠠᠶᠠᠵᠤ᠂ ᠬᠡᠨ ᠤ ᠲᠡᠮᠡᠭᠡ ᠨᠢ ᠨᠢᠭᠡ ᠲᠤᠰᠪᠠᠯ ᠲᠡᠭᠦᠨ ᠤ ᠲᠡᠮᠡᠭᠡ ᠶᠢ ᠤᠷᠤᠭᠰᠢ ᠨᠢᠭᠡ ᠲᠡᠮᠡᠭᠡ ᠶᠠᠪᠤᠭᠤᠯᠤᠨ᠎ᠠ᠃ ᠡᠨᠡ ᠮᠡᠳᠦ ᠪᠠᠷ ᠬᠡᠨ ᠤ ᠬᠢᠨᠢ ᠲᠡᠮᠡᠭᠡ ᠲᠡᠷᠢᠭᠦᠯᠡᠵᠦ ᠬᠡᠨ ᠤ ᠬᠢᠨᠢ ᠳᠡᠳ᠋ᠯᠡᠬᠦ ᠶᠢ ᠰᠢᠯᠭᠠᠷᠠᠭᠤᠯᠤᠨ᠎ᠠ᠃ ᠡᠨᠡ ᠲᠤᠭᠯᠠᠭᠠᠮ ᠢ ᠬᠡᠦᠬᠡᠳ ᠤᠳ ᠭᠤᠣᠯᠳᠠᠭᠤ ᠨᠠᠭᠠᠳᠳᠠᠭ᠃ ᠨᠠᠭᠠᠳᠬᠤ ᠶᠣᠰᠣ ᠂ ᠠᠷᠭ᠎ᠠ ᠮᠠᠶ᠋ᠢᠭ ᠨᠢ ᠮᠣᠷᠢ ᠤᠷᠤᠯᠳᠤᠭᠤᠯᠬᠤ ᠲᠠᠢ ᠠᠳᠠᠯᠢ ᠵᠢᠷᠤᠮ ᠢᠶᠠᠷ ᠶᠠᠪᠤᠭᠳᠠᠨ᠎ᠠ᠃ ᠨᠠᠭᠠᠳᠤᠮ ᠳᠤ ᠤᠷᠤᠯᠴᠠᠬᠤ ᠬᠦᠮᠦᠨ ᠬᠢᠵᠠᠭᠠᠷ ᠦᠭᠡᠢ᠂ ᠬᠡᠳᠦᠢ ᠬᠦᠮᠦᠨ ᠤᠷᠤᠯᠴᠠᠵᠤ ᠨᠠᠭᠠᠳᠤᠭᠰᠠᠨ ᠴᠤ ᠪᠤᠯᠤᠨ᠎ᠠ᠃ ᠮᠠᠨ ᠤ ᠰᠦᠨᠢᠳ ᠲᠤ ᠪᠣᠯ ᠨᠠᠮᠤᠷ ᠡᠪᠦᠯ ᠢᠯᠠᠩᠭᠤᠶ᠎ᠠ ᠴᠠᠭᠠᠨ ᠰᠠᠷ᠎ᠠ ᠳᠤ ᠱᠠᠭ᠎ᠠ ᠨᠠᠭᠠᠳᠬᠤ ᠨᠢ ᠤᠯᠠᠨ᠃ ᠵᠤᠨ ᠱᠠᠭ᠎ᠠ ᠨᠠᠭᠠᠳᠬᠤ ᠶᠢ ᠴᠡᠭᠡᠷᠯᠡᠳᠡᠭ ᠪᠠᠶᠢᠭᠰᠠᠨ᠃          ᠲᠠᠪᠤᠨ ᠱᠠᠭ᠎ᠠ ᠨᠠᠭᠠᠳᠴᠤ ᠮᠢᠩᠭ᠎ᠠ ᠳᠤ ᠤᠷᠤᠯᠳᠤᠬᠤ          ᠡᠨᠡ ᠲᠤᠭᠯᠠᠭᠠᠮ ᠪᠣᠯ ᠲᠠᠪᠤᠨ ᠱᠠᠭ᠎ᠠ ᠬᠠᠶᠠᠵᠤ ᠰᠠᠮᠪᠡᠭ ᠤᠨ ᠶᠣᠰᠤᠭᠠᠷ ᠬᠠᠮᠤᠵᠤ ᠨᠠᠭᠠᠳᠤᠨ᠎ᠠ᠃ ᠨᠠᠭᠠᠳᠤᠮ ᠳᠤ ᠤᠷᠤᠯᠴᠠᠭᠰᠠᠨ ᠬᠦᠮᠦᠨ ᠲᠠᠪᠤᠨ ᠱᠠᠭ᠎ᠠ ᠪᠠᠨ ᠬᠠᠶᠠᠭᠠᠳ ᠰᠠᠮᠪᠡᠭ ᠢᠶᠠᠨ ᠳᠡᠭᠡᠭᠰᠢ ᠬᠠᠶᠠᠵᠤ ᠳᠤᠤᠷ᠎ᠠ ᠲᠤᠰᠤᠭᠰᠠᠨ ᠲᠠᠪᠤᠨ ᠱᠠᠭ᠎ᠠ ᠪᠠᠨ ᠨᠢᠭᠡ ᠴᠤ ᠭᠡᠭᠡᠭᠳᠡᠯ ᠦᠭᠡᠢ ᠠᠪᠴᠤ ᠵᠠᠯᠭᠠᠭ᠎ᠠ ᠪᠠᠷ ᠬᠤᠷᠢ ᠤᠳᠠᠭ᠎ᠠ ᠠᠪᠴᠤ ᠴᠢᠳᠠᠪᠠᠯ ᠮᠢᠩᠭ᠎ᠠ ᠳᠤ ᠲᠡᠷᠢᠭᠦᠯᠡᠵᠦ ᠴᠢᠳᠠᠨ᠎ᠠ᠃ ᠲᠠᠪᠤᠨ ᠱᠠᠭ᠎ᠠ ᠪᠠᠨ ᠨᠢᠭᠡ ᠤᠳᠠᠭ᠎ᠠ ᠠᠯᠳᠠᠯ ᠦᠭᠡᠢ ᠬᠠᠮᠤᠵᠤ ᠴᠢᠳᠠᠪᠠᠯ ᠲᠠᠪᠢᠨ ᠬᠤᠪᠢ ᠪᠠᠷ ᠪᠤᠳᠤᠵᠤ᠂ ᠨᠢᠭᠡ ᠴᠤ ᠠᠯᠳᠠᠯ ᠦᠭᠡᠢ ᠬᠤᠷᠢ ᠤᠳᠠᠭ᠎ᠠ ᠠᠪᠴᠤ ᠴᠢᠳᠠᠪᠠᠯ ᠳᠠᠷᠤᠢ ᠲᠡᠷᠢᠭᠦᠯᠡᠨ᠎ᠡ᠃ ᠡᠨᠡ ᠮᠡᠲᠦ ᠪᠠᠷ ᠨᠠᠭᠠᠳᠤᠮ ᠳᠤ ᠤᠷᠤᠯᠴᠠᠭᠰᠠᠨ ᠬᠦᠮᠦᠨ ᠡᠭᠡᠯᠵᠢᠯᠡᠨ ᠱᠠᠭ᠎ᠠ ᠬᠠᠶᠠᠵᠤ ᠨᠠᠭᠠᠳᠳᠠᠭ ᠪᠠᠶᠢᠯ᠎ᠠ᠃          ᠮᠡᠯᠡᠭᠡᠢ ᠦᠷᠦᠬᠦ          ᠮᠡᠯᠡᠬᠡᠢ ᠦᠷᠦᠬᠦ ᠲᠤᠭᠯᠠᠭᠠᠮ ᠪᠣᠯ ᠲᠠᠪᠢᠨ ᠱᠠᠭ᠎ᠠ ᠪᠠᠷ ᠨᠠᠭᠠᠳᠬᠤ ᠨᠠᠭᠠᠳᠤᠮ ᠶᠤᠮ᠃ ᠲᠠᠪᠢᠨ ᠱᠠᠭ᠎ᠠ ᠪᠠᠨ ᠠᠪᠴᠤ ᠨᠢᠭᠡ ᠱᠣ ᠲᠠᠢ ᠨᠠᠭᠠᠳᠤᠮ ᠳᠤ ᠤᠷᠤᠯᠴᠠᠭᠰᠠᠨ ᠬᠦᠮᠦᠨ ᠡᠭᠡᠯᠵᠢᠯᠡᠨ ᠬᠠᠶᠠᠵᠤ᠂ ᠱᠤ ᠨᠢ ᠬᠡᠳᠦᠨ ᠨᠦᠬᠡᠨ ᠤ ᠲᠤᠭ᠎ᠠ ᠪᠠᠷ ᠲᠠᠪᠢᠨ ᠱᠠᠭ᠎ᠠ ᠠᠴᠠ ᠠᠪᠴᠤ ᠮᠡᠯᠡᠬᠡᠢ ᠦᠷᠦᠵᠦ ᠡᠬᠢᠯᠡᠨ᠎ᠡ᠃ ᠬᠡᠳᠦᠨ ᠬᠦᠮᠦᠨ ᠨᠠᠠᠭᠳᠤᠭᠰᠠᠨ ᠴᠤ ᠪᠤᠯᠤᠨ᠎ᠠ᠃ ᠮᠡᠯᠡᠬᠡᠢ ᠦᠷᠦᠬᠦ ᠳᠤ ᠲᠤᠯᠤᠭᠠᠢ ᠭᠤᠷᠪᠠᠨ ᠱᠠᠭ᠎ᠠ᠃ ᠨᠢᠷᠤᠭᠤᠨ ᠪᠡᠶ᠎ᠡ ᠨᠢ ᠵᠢᠷᠭᠤᠭᠠᠨ ᠱᠠᠭ᠎ᠠ᠂ ᠰᠡᠭᠦᠯ ᠨᠢ ᠨᠢᠭᠡ ᠱᠠᠭ᠎ᠠ᠂ ᠪᠦᠬᠡᠷ᠎ᠡ ᠬᠤᠶᠠᠷ ᠱᠠᠭ᠎ᠠ᠂ ᠳᠦᠷᠪᠡᠨ ᠮᠦᠴᠢ ᠨᠢ ᠲᠤᠰ ᠪᠦᠷᠢ ᠳᠦᠷᠪᠡᠨ ᠱᠠᠭ᠎ᠠ᠂ ᠳᠦᠷᠪᠡᠨ ᠬᠥᠯ ᠤᠨ ᠬᠢᠮᠦᠰᠦ ᠨᠢ ᠲᠣᠰ ᠪᠦᠷᠢ ᠲᠠᠪᠤᠨ ᠱᠠᠭ᠎ᠠ ᠪᠠᠶᠢᠳᠠᠭ᠃ ᠱᠤ ᠶᠢᠨ ᠨᠦᠬᠡ ᠶᠢᠨ ᠲᠤᠭ᠎ᠠ ᠪᠠᠷ ᠮᠡᠯᠡᠬᠡᠢ ᠦᠷᠦᠵᠦ ᠨᠠᠭᠠᠳᠤᠨ᠎ᠠ᠃ ᠬᠠᠮᠤᠭ ᠰᠡᠭᠦᠯ ᠳᠤ ᠬᠡᠨ ᠨᠢ ᠪᠦᠬᠦ ᠪᠡᠶ᠎ᠡ ᠶᠢᠨ ᠦᠯᠡᠳᠡᠵᠦ ᠪᠠᠶᠢᠭ᠎ᠠ ᠭᠡᠰᠡᠭ ᠢ ᠪᠦᠳᠦᠭᠡᠵᠦ ᠴᠢᠳᠠᠪᠠᠯ ᠱᠦᠭᠦᠯᠲᠡ ᠤᠯᠤᠨ᠎ᠠ᠃ᠠᠯᠠᠭ ᠮᠡᠯᠡᠭᠡᠢ ᠦᠷᠦᠬᠦ ᠳᠤ ᠱᠠᠭ᠎ᠠ ᠶᠢ ᠬᠡᠳᠦᠨ ᠦᠩᠬᠡ ᠶᠢᠨ ᠪᠤᠳᠤᠭ ᠢᠶᠠᠷ ᠪᠣᠳᠤᠵᠤ᠂ ᠦᠩᠬᠡ ᠲᠠᠭᠠᠷᠠᠭᠤᠯᠤᠨ ᠦᠷᠦᠵᠦ ᠨᠠᠭᠠᠳᠬᠤ ᠴᠤ ᠪᠤᠢ᠃          ᠮᠡᠯᠡᠬᠡᠢ ᠥᠷᠦᠬᠦ ᠳᠡᠭᠡᠨ ᠲᠤᠯᠤᠭᠠᠢ ᠠᠴᠠ ᠨᠢ ᠡᠬᠢᠯᠡᠵᠦ ᠬᠠᠮᠤᠭ ᠰᠡᠭᠦᠯ ᠳᠤᠨᠢ ᠰᠡᠭᠦᠯ ᠢ ᠨᠢ ᠪᠦᠳᠦᠭᠡᠵᠦ ᠨᠠᠭᠠᠳᠬᠤ ᠳᠦᠷᠢᠮ ᠲᠠᠢ᠃ ᠮᠡᠯᠡᠬᠡᠢ ᠥᠷᠦᠬᠦ ᠲᠤᠭᠯᠠᠭᠠᠮ ᠢ ᠴᠠᠭᠠᠨ ᠰᠠᠷ᠎ᠠ ᠨᠠᠭᠠᠳᠬᠤ ᠪᠦᠭᠡᠳ ᠡᠩ ᠤᠨ ᠴᠠᠭ ᠲᠤ ᠬᠡᠦᠬᠡᠳ ᠪᠠᠭᠠᠴᠤᠳ ᠨᠠᠭᠠᠳᠬᠤ ᠨᠢ ᠤᠯᠠᠨ᠃ ᠭᠡᠪᠡᠴᠦ ᠶᠡᠭᠡ ᠤᠯᠤᠰ ᠤᠳ ᠪᠠᠰᠠ ᠨᠠᠭᠠᠳᠤᠨ᠎ᠠ᠃          ᠶᠢᠰᠦᠨ ᠤᠬᠠᠭᠠᠨ          ᠲᠠᠪᠤᠨ ᠬᠤᠰᠢᠭᠤ ᠬᠡᠯᠪᠡᠷᠢ ᠲᠠᠢ ᠨᠠᠭᠠᠳᠤᠮ ᠤᠨ ᠬᠥᠯ ᠪᠠᠶᠢᠳᠠᠭ᠃ ᠶᠢᠰᠦᠨ ᠱᠠᠭ᠎ᠠ ᠠᠪᠴᠤ ᠲᠡᠭᠦᠨ ᠢ ᠪᠠᠨ ᠨᠤᠬᠠᠢ ᠭᠡᠵᠦ ᠨᠡᠷᠡᠯᠡᠨ᠂ ᠨᠠᠭᠠᠳᠤᠮ ᠤᠨ ᠬᠥᠯ ᠤᠨ ᠲᠠᠪᠤᠨ ᠬᠤᠰᠢᠭᠤᠨ ᠤ ᠠᠭᠤᠯᠵᠠᠷ ᠪᠦᠷᠢ ᠳᠡᠭᠡᠷ᠎ᠡ ᠨᠢᠭᠡ ᠨᠢᠭᠡ ᠪᠠᠷ ᠲᠠᠯᠪᠢᠨ᠎ᠠ᠃ ᠨᠠᠭᠠᠳᠴᠤ ᠪᠠᠶᠢᠭ᠎ᠠ ᠬᠦᠮᠦᠨ ᠦᠪᠡᠷ ᠤᠨ ᠠᠯᠢ ᠳᠤᠷ᠎ᠠ ᠲᠠᠢ ᠠᠭᠤᠯᠵᠠᠷ ᠳᠡᠭᠡᠷ᠎ᠡ ᠨᠤᠬᠠᠢ ᠪᠠᠨ ᠲᠠᠯᠪᠢᠬᠤ ᠦᠭᠡᠢ ᠦᠯᠡᠳᠡᠭᠡᠨ᠎ᠡ᠃ ᠨᠠᠭᠠᠳᠬᠤ ᠳᠠᠭᠠᠨ ᠳᠠᠮ ᠤᠨ ᠢᠮᠠᠭ᠎ᠠ ᠪᠠᠷ ᠢᠳᠡᠵᠦ᠂ ᠬᠠᠮᠤᠭ ᠰᠡᠭᠦᠯ ᠳᠤ ᠨᠤᠬᠠᠢ ᠶᠢ ᠦᠯᠡᠳᠡᠭᠡᠪᠡᠯ ᠲᠡᠷᠡ ᠨᠢ ᠬᠤᠨᠵᠢᠭᠰᠠᠨ ᠳᠤ ᠲᠤᠭᠠᠴᠠᠭᠳᠠᠨ᠎ᠠ᠃ ᠵᠠᠪᠠᠯ ᠭᠠᠭᠴᠠ ᠱᠠᠭ᠎ᠠ ᠶᠢ ᠦᠯᠡᠳᠡᠭᠡᠬᠦ ᠶᠣᠰᠤᠲᠠᠢ᠃ ᠡᠨᠡ ᠲᠤᠭᠯᠠᠭᠠᠮ ᠪᠣᠯ ᠣᠶᠤᠨ ᠤᠬᠠᠭᠠᠨ ᠨᠡᠭᠡᠭᠡᠭᠳᠡᠭᠦᠯᠬᠦ ᠠᠭᠤᠯᠭ᠎ᠠ ᠲᠠᠢ ᠶᠤᠮ᠃ ᠭᠤᠣᠯᠳᠠᠭᠤ ᠬᠡᠦᠬᠡᠳ ᠪᠠᠭᠠᠴᠤᠳ᠂ ᠵᠠᠯᠠᠭᠤᠴᠤᠳ ᠨᠠᠭᠠᠳᠤᠨ᠎ᠠ᠃          ᠪᠤᠭᠤ ᠨᠠᠭᠠᠳᠬᠤ          ᠡᠨᠡ ᠬᠦ ᠨᠠᠭᠠᠳᠤᠮ ᠳᠤ ᠬᠤᠶᠠᠷ ᠬᠦᠮᠦᠨ ᠤᠷᠤᠯᠴᠠᠵᠤ᠂ ᠨᠢᠭᠡ ᠨᠢ ᠨᠤᠶᠠᠨ ᠢᠶᠠᠨ ᠠᠪᠴᠤ ᠨᠦᠭᠦᠭᠡ ᠨᠢ ᠪᠤᠭᠤ ᠪᠠᠨ ᠬᠤᠪᠢᠳᠠᠵᠤ ᠠᠪᠤᠭᠠᠳ ᠪᠤᠭᠤ ᠶᠢᠨ ᠬᠥᠯ ᠳᠡᠭᠡᠷ᠎ᠡ ᠨᠡᠭᠦᠳᠡᠯᠯᠡᠵᠦ ᠢᠳᠡᠵᠦ ᠨᠠᠭᠠᠳᠤᠨ᠎ᠠ᠃ ᠪᠤᠭᠤ ᠨᠠᠭᠠᠳᠬᠤ ᠬᠤᠶᠠᠷ ᠬᠦᠮᠦᠨ ᠤ ᠨᠢᠭᠡ ᠨᠢ ᠬᠤᠷᠢᠨ ᠳᠥᠷᠪᠡᠨ ᠪᠤᠭᠤ ᠪᠠᠷᠢᠵᠤ᠂ ᠨᠥᠭᠦᠭᠡ ᠨᠢ ᠬᠤᠶᠠᠷ ᠨᠣᠶᠠᠨ ᠢᠶᠠᠨ ᠪᠠᠷᠢᠨ᠎ᠠ᠃ ᠪᠤᠭᠤ ᠪᠠᠷᠢᠭᠰᠠᠨ ᠬᠦᠮᠦᠨ ᠤ ᠬᠥᠯᠭᠡ ᠶᠢᠨ ᠭᠤᠣᠯ ᠤᠨ ᠨᠠᠢᠮᠠᠨ ᠪᠠᠭᠤᠳᠠᠯ ᠳᠤ ᠨᠠᠢᠮᠠᠨ ᠪᠤᠭᠤ ᠪᠡᠯᠴᠢᠭᠡᠨ᠎ᠡ ᠃ ᠨᠤᠶᠠᠨ ᠪᠠᠷᠢᠭᠰᠠᠨ ᠬᠦᠮᠦᠨ ᠨᠢ ᠬᠤᠶᠠᠷ ᠠᠭᠤᠯᠠ ᠶᠢᠨ ᠪᠤᠭᠤᠮᠲᠠ ᠳᠤ ᠨᠣᠶᠠᠨ ᠢᠶᠠᠨ ᠲᠠᠯᠪᠢᠨ᠎ᠠ᠃ ᠪᠤᠭᠤ ᠪᠠᠷᠢᠭᠰᠠᠨ ᠬᠦᠮᠦᠨ ᠨᠢ ᠤᠷᠢᠳ ᠢᠶᠠᠷ ᠪᠤᠭᠤ ᠪᠠᠨ ᠬᠦᠳᠡᠯᠭᠡᠨ ᠶᠠᠪᠤᠭᠤᠯᠬᠤ ᠪᠦᠭᠡᠳ ᠠᠰ ᠱᠤᠭᠤᠮ ᠳᠤ ᠵᠡᠷᠭᠡᠴᠡᠭᠰᠡᠨ ᠭᠤᠷᠪᠠᠨ ᠰᠠᠭᠤᠳᠠᠯ ᠤᠨ ᠡᠨᠡ ᠰᠠᠭᠤᠳᠠᠯ ᠠᠴᠠ ᠪᠤᠭᠤ ᠶᠢᠨ ᠳᠡᠭᠡᠭᠦᠷ ᠦᠰᠦᠷᠴᠦ ᠲᠡᠷᠡ ᠰᠠᠭᠤᠳᠠᠯ ᠳᠤ ᠰᠠᠭᠠᠭᠠᠳ ᠡᠨᠡ ᠬᠦ ᠭᠤᠷᠪᠠᠨ ᠰᠠᠭᠤᠳᠠᠯ ᠤᠨ ᠭᠤᠣᠯ ᠰᠠᠭᠤᠳᠠᠯ ᠳᠤ ᠪᠠᠶᠢᠭᠰᠠᠨ ᠪᠤᠭᠤ ᠶᠢ ᠢᠳᠡᠳᠡᠭ᠃ ᠨᠣᠶᠠᠨ ᠪᠤᠭᠤ ᠢᠳᠡᠬᠦ ᠦᠭᠡᠢ ᠪᠣᠯ ᠭᠤᠷᠪᠠᠨ ᠰᠠᠭᠤᠳᠠᠯ ᠢᠶᠠᠷ ᠦᠰᠦᠷᠴᠦ ᠪᠣᠯᠬᠤ ᠦᠭᠡᠢ᠂ ᠬᠠᠷᠢᠨ ᠨᠢᠭᠡ ᠨᠢᠭᠡ ᠰᠠᠭᠤᠳᠠᠯ ᠢᠶᠠᠷ ᠠᠰᠢᠭᠲᠠᠢ ᠭᠡᠰᠡᠨ ᠪᠠᠭᠤᠳᠠᠯ ᠳᠤ ᠨᠡᠭᠦᠳᠡᠭ᠃ ᠠᠯᠢ ᠠᠰᠢᠭᠲᠠᠢ ᠪᠠᠭᠤᠳᠠᠯ ᠳᠤ ᠨᠤᠶᠠᠨ ᠢ ᠬᠤᠷᠢᠬᠤ ᠵᠣᠷᠢᠯᠭ᠎ᠠ ᠲᠠᠢ ᠪᠤᠭᠤ ᠪᠠᠨ ᠲᠠᠯᠪᠢᠵᠤ᠂ ᠢᠩᠭᠢᠭᠡᠳ ᠨᠣᠶᠠᠨ ᠢ ᠬᠠᠰᠢᠵᠤ ᠶᠠᠪᠤᠬᠤ ᠵᠠᠮ ᠦᠭᠡᠢ ᠪᠤᠯᠭᠠᠵᠤ ᠠᠪᠬᠤ ᠪᠠᠷ ᠲᠡᠮᠡᠴᠡᠨ᠎ᠡ᠃ ᠪᠤᠭᠤ ᠪᠠᠷᠢᠭᠰᠠᠨ ᠬᠦᠮᠦᠨ ᠤ ᠨᠠᠭᠠᠳᠬᠤ ᠮᠡᠷᠭᠡᠵᠢᠯ ᠰᠠᠶᠢᠨ ᠪᠣᠯ ᠬᠦᠳᠡᠯᠬᠦ ᠪᠦᠷᠢ ᠨᠣᠶᠠᠨ ᠢ ᠬᠠᠰᠢᠵᠤ᠂ ᠬᠤᠶᠠᠷ ᠨᠣᠶᠠᠨ ᠢ ᠬᠤᠷᠢᠵᠤ ᠠᠪᠤᠭᠠᠳ ᠱᠦᠭᠦᠳᠡᠭ᠃ ᠨᠤᠶᠠᠨ ᠪᠠᠷᠢᠭᠰᠠᠨ ᠬᠦᠮᠦᠨ ᠤ ᠮᠡᠷᠭᠡᠵᠢᠯ ᠰᠠᠶᠢᠨ ᠪᠣᠯ ᠶᠠᠪᠤᠵᠤ ᠨᠡᠭᠦᠬᠦ ᠪᠤᠯᠭᠠᠨ ᠪᠤᠭᠤ ᠶᠢ ᠢᠳᠡᠵᠦ᠂ ᠨᠤᠶᠠᠨ ᠬᠠᠰᠢᠭᠳᠠᠬᠤ ᠦᠭᠡᠢ ᠪᠠᠶᠢᠵᠤ ᠡᠴᠦᠰ ᠲᠡᠭᠡᠨ ᠱᠦᠭᠦᠳᠡᠭ᠃ᠭᠡᠬᠦ ᠳᠡᠭᠡᠨ ᠪᠤᠭᠤ ᠨᠠᠭᠠᠳᠬᠤ ᠳᠤ ᠬᠠᠮᠢᠶ᠎ᠠ ᠨᠠᠮᠢᠶ᠎ᠠ ᠦᠭᠡᠢ ᠬᠠᠰᠢᠵᠤ ᠬᠤᠷᠢᠬᠤ ᠪᠢᠰᠢ ᠬᠠᠷᠢᠨ ᠲᠤᠭᠲᠠᠭᠰᠠᠨ ᠱᠦᠭᠦᠯᠲᠡ ᠶᠤᠰᠤᠲᠠᠢ ᠪᠠᠶᠢᠳᠠᠭ᠃ ᠬᠠᠮᠤᠭ ᠤᠨ ᠰᠠᠶᠢᠨ ᠱᠦᠭᠦᠯᠲᠡ ᠨᠢ ᠴᠢᠬᠢᠨ ᠲᠠᠲᠠᠭᠤᠬᠠᠢ ᠭᠡᠵᠦ ᠬᠤᠶᠠᠷ ᠠᠭᠤᠯᠠ ᠶᠢᠨ ᠦᠵᠦᠭᠦᠷ ᠬᠤᠷᠢᠵᠤ ᠲᠠᠯᠪᠢᠬᠤ ᠱᠦᠭᠦᠯᠲᠡ ᠪᠤᠯᠤᠨ᠎ᠠ᠃          ᠡᠪᠡᠷ ᠪᠤᠭᠤ ᠨᠠᠭᠠᠳᠬᠤ          ᠡᠪᠡᠷ ᠪᠤᠭᠤ ᠪᠣᠯ ᠨᠢᠭᠡᠨ ᠳᠦᠭᠦᠮ ᠮᠦᠷᠲᠡᠭᠡᠨ ᠰᠤᠨᠢᠷᠬᠠᠯᠲᠠᠢ ᠲᠤᠭᠯᠠᠭᠠᠮ ᠶᠤᠮ᠃ ᠦᠬᠡᠷ ᠤᠨ ᠡᠪᠡᠷ ᠤᠨ ᠳᠦᠷᠰᠦ ᠵᠠᠭᠪᠤᠷ ᠢᠶᠠᠷ ᠨᠠᠭᠠᠳᠤᠮ ᠬᠥᠯ ᠬᠢᠵᠦ᠂ ᠠᠷᠪᠠᠨ ᠬᠤᠶᠠᠷ ᠪᠠᠭᠤᠳᠠᠯ ᠲᠠᠢ ᠪᠠᠶᠢᠳᠠᠭ᠃ ᠨᠠᠭᠠᠳᠤᠮ ᠳᠤ ᠤᠷᠤᠯᠴᠠᠬᠤ ᠬᠦᠮᠦᠨ ᠤ ᠲᠤᠭ᠎ᠠ ᠨᠢ ᠨᠢᠭᠡ ᠤᠳᠠᠭ᠎ᠠ ᠳᠤ ᠬᠤᠶᠠᠷᠬᠠᠨ ᠪᠠᠶᠢᠳᠠᠭ᠃ ᠲᠡᠭᠦᠨ ᠤ ᠨᠢᠭᠡ ᠎ ᠨᠢ ᠪᠤᠭᠤ ᠶᠢ ᠠᠪᠴᠤ ᠨᠥᠭᠦᠭᠡ ᠨᠢ ᠨᠣᠬᠠᠢ ᠠᠪᠴᠤ᠂ ᠪᠤᠭᠤ ᠨᠤᠬᠠᠢ ᠬᠤᠶᠠᠷ ᠡᠭᠡᠯᠵᠢᠯᠡᠨ ᠨᠡᠭᠦᠳᠡᠭ᠃ ᠪᠤᠭᠤ ᠶᠢ ᠡᠪᠡᠷ ᠤᠨ ᠦᠵᠦᠭᠦᠷ ᠪᠤᠶᠤ ᠠᠯᠢ ᠨᠢᠭᠡᠨ ᠦᠨᠴᠦᠭ ᠲᠤᠨᠢ ᠶᠠᠪᠤᠬᠤ ᠵᠠᠮ ᠦᠭᠡᠢ ᠰᠢᠬᠠᠵᠤ ᠲᠠᠬᠢᠨ ᠨᠡᠭᠦᠭᠦ ᠪᠠᠭᠤᠳᠠᠯ ᠦᠭᠡᠢ ᠪᠤᠯᠭᠠᠪᠠᠯ ᠨᠤᠬᠠᠢ ᠨᠢ ᠱᠦᠭᠦᠯᠲᠡ ᠪᠠᠨ ᠣᠯᠳᠠᠭ᠃ ᠬᠡᠷᠪᠡ ᠪᠤᠭᠤ ᠨᠢ ᠨᠤᠬᠠᠢ ᠶᠢᠨ ᠠᠷᠤ ᠲᠠᠯ᠎ᠠ ᠳᠤᠨᠢ ᠰᠢᠷᠭᠤᠨ ᠤᠷᠤᠭᠠᠳ ᠴᠢᠳᠠᠪᠠᠯ ᠪᠤᠭᠤ ᠨᠢ ᠱᠦᠭᠦᠯᠲᠡ ᠪᠠᠨ ᠤᠯᠤᠨ᠎ᠠ᠃ ᠡᠬᠢᠯᠡᠵᠦ ᠨᠠᠭᠠᠳᠬᠤ ᠳᠠᠭᠠᠨ ᠦᠬᠡᠷ ᠤᠨ ᠡᠪᠡᠷ ᠤᠨ ᠵᠠᠭᠪᠤᠷ ᠬᠥᠯᠭᠡ ᠶᠢᠨ ᠳᠤᠤᠷ᠎ᠠ ᠲᠠᠯ᠎ᠠ ᠶᠢᠨ ᠬᠤᠶᠠᠷ ᠪᠠᠭᠤᠳᠠᠯ ᠳᠤ ᠨᠤᠬᠠᠢ ᠰᠠᠭᠤᠵᠤ᠂ ᠳᠡᠭᠡᠷ᠎ᠡ ᠲᠠᠯ᠎ᠠ ᠶᠢᠨ ᠳᠤᠤᠷ᠎ᠠ ᠨᠢᠭᠡᠨ ᠪᠠᠭᠤᠳᠠᠯ ᠳᠤ ᠪᠤᠭᠤ ᠰᠠᠭᠤᠨ᠎ᠠ᠃ ᠢᠩᠬᠢᠵᠦ ᠰᠠᠭᠤᠳᠠᠯ ᠳᠤ ᠪᠠᠶᠢᠷᠢᠰᠢᠭᠰᠠᠨ ᠤ ᠰᠡᠭᠦᠯᠡᠷ ᠪᠤᠭᠤ ᠳᠦᠷᠦᠭᠦᠦ ᠨᠡᠭᠦᠵᠦ ᠳᠠᠷᠠᠭ᠎ᠠ ᠨᠢ ᠨᠤᠬᠠᠢ ᠨᠡᠭᠦᠳᠡᠭ ᠶᠤᠰᠤᠲᠠᠢ᠃ ᠡᠨᠡ ᠬᠦ ᠲᠤᠭᠯᠠᠭᠠᠮ ᠢ ᠬᠤᠨᠢ ᠮᠠᠯ ᠤᠨ ᠬᠦᠮᠦᠰ ᠬᠦᠳᠡᠭᠡ ᠠᠭᠤᠯᠵᠠᠭᠠᠳ ᠨᠠᠭᠠᠳᠳᠠᠭ ᠪᠦᠭᠡᠳ ᠬᠡᠦᠬᠡᠳ ᠴᠤ ᠦᠷᠭᠦᠯᠵᠢ ᠨᠠᠭᠠᠳᠳᠠᠭ ᠪᠢᠯᠡ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号