ᠪᠦᠬᠡ ᠶᠢ ᠵᠠᠪᠠᠯ ᠶᠡᠭᠡ ᠨᠠᠶᠢᠷ ᠳᠡᠭᠡᠷ᠎ᠡ ᠯᠠ ᠠᠷᠠᠳ ᠤᠯᠠᠨ ᠤ ᠬᠢᠨᠢ ᠡᠮᠦᠨ᠎ᠡ ᠬᠤᠤᠰᠯᠠᠬᠤ ᠲᠤᠭ᠎ᠠ ᠪᠠᠷ | ᠳᠠᠷᠬᠠᠯᠠᠳᠠᠭ ᠶᠤᠰᠤ ᠵᠢᠷᠦᠮ ᠲᠠᠢ ᠶᠤᠮ᠃ ᠨᠠᠶᠢᠷ ᠤᠨ ᠲᠠᠯ᠎ᠠ ᠶᠢᠨ ᠬᠢᠨ ᠨᠠᠶᠢᠷ ᠲᠤ ᠳᠠᠷᠬᠠᠯᠠᠬᠤ ᠪᠦᠬᠡᠴᠤᠳ ᠢᠶᠠᠨ | ᠵᠠᠯᠠᠬᠤ ᠪᠠᠷ ᠬᠦᠷᠬᠦ ᠳᠡᠭᠡᠨ ᠵᠠᠪᠠᠯ ᠬᠠᠳᠠᠭ ᠴᠠᠭᠠᠨ ᠢᠳᠡᠭᠡ ᠲᠠᠢ ᠬᠦᠷᠴᠦ᠂ ᠴᠠᠭᠠᠨ ᠬᠠᠳᠠᠭ ᠲᠠᠢ ᠴᠠᠭᠠᠨ | ᠢᠳᠡᠭᠡ ᠪᠠᠨ ᠲᠠᠯᠪᠢᠨ ᠳᠠᠷᠬᠠᠯᠠᠬᠤ ᠤᠴᠢᠷ ᠢᠶᠠᠨ ᠬᠡᠯᠡᠳᠡᠭ᠂ ᠳᠠᠷᠬᠠᠯᠠᠬᠳᠠᠬᠤ ᠪᠦᠬᠡ ᠨᠢ ᠲᠤᠷᠠᠲᠠᠢ ᠪᠤᠯ ᠴᠠᠭᠠᠨ | ᠢᠳᠡᠭᠡᠨ ᠠᠴᠠ ᠠᠮᠰᠠᠵᠦ᠂ ᠬᠠᠳᠠᠭ ᠢ ᠨᠢ ᠲᠤᠰᠳᠠᠭ᠂ ᠲᠤᠷ᠎ᠡ ᠦᠭᠡᠢ ᠪᠤᠯ ᠴᠠᠭᠠᠨ ᠢᠳᠡᠭᠡ ᠶᠢ ᠨᠢ ᠠᠮᠰᠠᠭᠠᠳ | ᠪᠤᠴᠠᠭᠠᠵᠦ ᠪᠠᠷᠢᠳᠠᠭ ᠶᠤᠮ ᠭᠡᠨ᠎ᠡ᠃ ᠳᠠᠷᠬᠠᠯᠠᠬᠳᠠᠬᠤ ᠪᠤᠯᠤᠭᠰᠠᠨ ᠪᠦᠬᠡ ᠵᠠᠩᠬᠢᠶ᠎ᠠ ᠶᠠᠬᠦᠯᠡᠬᠦ ᠵᠠᠯᠠᠭᠤ ᠪᠦᠬᠡ ᠪᠠᠨ | ᠦᠪᠡᠷ ᠢᠶᠠᠨ ᠰᠤᠩᠭᠤᠵᠦ ᠲᠤᠭᠳᠠᠭᠠᠭᠠᠳ ᠨᠠᠶᠢᠷ ᠪᠤᠯᠬᠤ ᠠᠴᠠ ᠡᠮᠦᠨ᠎ᠡ ᠬᠡᠯᠡᠯᠴᠡᠵᠦ ᠤᠯᠤᠯᠴᠠᠳᠠᠭ ᠵᠢᠮ᠎ᠠ ᠲᠠᠢ᠃ | ᠨᠠᠶᠢᠷ ᠳᠡᠭᠡᠷ᠎ᠡ ᠪᠠᠨ ᠶᠡᠷᠦᠨᠢ ᠪᠦᠬᠡ ᠶᠢᠨ ᠪᠠᠷᠢᠯᠳᠤᠭᠠᠨ ᠠᠴᠠ ᠪᠠᠨ ᠡᠮᠦᠨᠡᠬᠡᠨ ᠪᠦᠬᠡ ᠪᠠᠨ ᠳᠠᠷᠬᠠᠯᠠᠳᠠᠭ ᠵᠢᠷᠦᠮ ᠲᠠᠢ᠃ | ᠬᠠᠮᠤᠭ ᠰᠡᠭᠦᠯ ᠤᠨ ᠪᠠᠷᠢᠯᠳᠤᠭᠠᠨ ᠢᠶᠠᠨ ᠬᠢᠬᠦ ᠭᠡᠵᠤ ᠪᠠᠶᠢᠭ᠎ᠠ ᠳᠠᠷᠬᠠᠯᠠᠬᠳᠠᠬᠤ ᠪᠦᠬᠡᠴᠤᠳ ᠨᠠᠶᠢᠷ ᠤᠨ ᠭᠠᠷᠤᠭ᠎ᠠ | ᠶᠤᠰᠤᠭᠠᠷ ᠭᠤᠷᠪᠠᠨ ᠲᠠᠭᠤ ᠪᠠᠷ ᠭᠠᠷᠴᠦ ᠬᠠᠷᠢᠯᠴᠠᠨ ᠪᠠᠷᠢᠯᠳᠤᠵᠦ ᠵᠠᠩ ᠵᠢᠷᠦᠮ ᠶᠤᠰᠤᠭᠠᠷ ᠢᠶᠠᠨ ᠬᠠᠶᠢᠨ ᠲᠤᠰᠴᠤ | ᠪᠤᠰᠤᠮᠠᠬᠴᠠ ᠪᠠᠨ ᠵᠠᠩᠬᠢᠶ᠎ᠠ ᠪᠠᠨ ᠶᠡᠭᠦᠯᠡᠬᠦ ᠵᠠᠯᠠᠭᠤ ᠳᠠᠭᠠᠨ ᠦᠭᠳᠡᠭ᠃ ᠵᠠᠩᠬᠢᠶ᠎ᠠ ᠶᠢ ᠨᠢ ᠠᠪᠤᠭᠰᠠᠨ ᠵᠠᠯᠠᠭᠤ ᠪᠦᠬᠡ | ᠪᠠᠷᠢᠨ ᠲᠤᠤᠷ᠎ᠠ ᠨᠢ ᠬᠤᠶᠢᠰᠢ ᠪᠠᠨ ᠬᠠᠨᠳᠤᠵᠦ ᠲᠠᠯᠢᠵᠦ ᠭᠦᠶᠦᠭᠡᠳ ᠮᠦᠷᠭᠦᠭᠰᠡᠨ ᠢᠶᠠᠨ ᠪᠤᠴᠠᠨ ᠢᠷᠡᠵᠦ | ᠵᠠᠩᠬᠢᠶ᠎ᠠ ᠪᠠᠨ ᠶᠡᠭᠦᠯᠡᠭᠰᠡᠨ ᠳᠠᠷᠬᠠᠨ ᠪᠦᠬᠡ ᠶᠢᠨ ᠢᠶᠠᠨ ᠲᠤᠬᠤᠢ ᠶᠢ ᠨᠢ ᠲᠦᠰᠢᠵᠦ ᠨᠠᠶᠢᠷ ᠤᠨ ᠬᠦᠷᠢᠶᠡᠨ ᠠᠴᠠ | ᠭᠠᠷᠳᠠᠭ᠃ ᠳᠠᠷᠬᠠᠨ ᠪᠦᠬᠡ ᠨᠠᠶᠢᠷ ᠤᠨ ᠬᠦᠷᠢᠶᠡᠨ ᠠᠴᠠ ᠭᠦᠶᠦᠵᠦ ᠭᠠᠷᠴᠤ ᠪᠤᠯᠳᠠᠭ ᠦᠭᠡᠢ ᠵᠢᠷᠦᠮ ᠪᠤᠢ᠃ ︵ᠡᠨᠡ | ᠲᠦᠷᠦᠯ ᠤᠨ ᠢᠶᠠᠨ ᠪᠦᠬᠡ ᠶᠢᠨ ᠬᠡᠶᠢᠮᠦᠷᠢ ᠶᠢ ᠨᠠᠶᠢᠷ ᠤᠨ ᠲᠠᠯᠠᠪᠠᠢ ᠳᠠᠭᠠᠨ ᠦᠯᠡᠳᠡᠭᠡᠨ᠎ᠡ ᠭᠡᠰᠡᠨ ᠪᠡᠯᠭᠡᠳᠡᠯ︶ ᠡᠨᠡ | ᠦᠶ᠎ᠡ ᠳᠤ ᠨᠠᠶᠢᠷ ᠤᠨ ᠭᠤᠤᠯ ᠲᠠᠲᠠᠩ ᠠᠴᠠ ᠲᠠᠬᠢᠨ ᠲᠠᠭᠤᠳᠠᠵᠦ ᠭᠤᠤᠯ ᠲᠠᠲᠠᠩ ᠤᠨ ᠡᠮᠦᠨ᠎ᠡ ᠠᠪᠴᠢᠷᠠᠭᠠᠳ | ᠳᠠᠷᠬᠠᠨ ᠪᠦᠬᠡ ᠶᠢᠨ ᠴᠤᠯᠨ ᠶᠢ ᠨᠢ ᠲᠠᠭᠤᠳᠠᠵᠦ ᠬᠤᠷᠦ᠋ᠢᠯᠠᠬᠤ ᠦᠶ᠎ᠡ ᠳᠤ ᠪᠦᠬᠦ ᠨᠠᠶᠢᠷ ᠤᠨ ᠬᠦᠷᠢᠶᠡᠨ ᠤ | ᠦᠵᠡᠭᠴᠢᠳ ᠲᠠᠭᠠᠵᠦ ᠬᠤᠷᠦ᠋ᠢᠯᠠᠳᠠᠭ ᠶᠤᠰᠤᠨ ᠪᠤᠢ᠃ ᠳᠠᠷᠠᠭ᠎ᠠ ᠨᠢ ᠱᠠᠩᠨᠠᠯ ᠢ ᠨᠢ ᠭᠠᠷᠳᠠᠭᠤᠯᠳᠠᠭ᠂ ᠡᠨᠡᠬᠦ ᠪᠦᠬᠦ | ᠶᠠᠪᠤᠴᠠᠨ ᠳᠤ ᠵᠠᠩᠬᠢᠶ᠎ᠠ ᠶᠢ ᠨᠢ ᠶᠡᠬᠦᠯᠡᠵᠦ ᠠᠪᠬᠤ ᠵᠠᠯᠠᠭᠤ ᠪᠦᠬᠡ ᠳᠠᠷᠬᠠᠨ ᠪᠦᠬᠡ ᠶᠢ ᠲᠠᠭᠠᠨ ᠶᠠᠪᠤᠵᠦ ᠬᠠᠮᠵᠢᠯᠴᠠᠵᠦ | ᠵᠤᠳᠤᠭ ᠲᠤᠤᠰᠢᠤ ᠶᠢ ᠨᠢ ᠲᠠᠶᠢᠯᠠᠭᠤᠯᠤᠨ ᠡᠪᠬᠡᠵᠦ ᠬᠤᠷᠢᠶᠠᠵᠦ ᠦᠭᠳᠡᠭ᠃ ᠵ᠊ ᠵᠮᠪᠠᠵᠠᠮᠰᠤ ᠪᠠᠭᠰᠢ ᠶᠢᠨ ︽ᠳᠠᠷᠬᠠᠨ | ᠪᠦᠬᠡ ᠶᠢᠨ ᠴᠤᠯᠨ︾ ᠳᠡᠯᠭᠡᠷ ᠪᠠᠶᠠᠨ ᠬᠦᠷᠦᠩᠭᠡ ᠲᠠᠢ ᠳᠡᠭᠵᠢᠷᠠᠨ ᠮᠠᠨᠳᠤᠭᠰᠠᠨ ᠠᠮᠢᠳᠤᠷᠠᠯ ᠲᠠᠢ ᠠᠷᠠᠳ ᠳᠠᠶᠠᠭᠠᠷ | ᠡᠩᠬᠡ ᠠᠰᠢᠲᠠ ᠶᠢᠨ ᠵᠢᠷᠭᠠᠯ ᠮᠦᠩᠬᠡ ᠡᠨᠡ ᠰᠠᠶᠢᠬᠠᠨ ᠨᠤᠳᠤᠭ ᠲᠤ ᠡᠷᠬᠡ ᠴᠢᠯᠦᠭᠡᠲᠤ ᠤᠷᠤᠨ ᠳᠤ ᠡᠷ᠎ᠡ ᠶᠢᠨ | ᠭᠤᠷᠪᠠᠨ ᠨᠠᠭᠠᠳᠤᠮ ᠤᠨ ᠡᠰᠨᠢᠬᠦ ᠨᠠᠶᠢᠷ ᠤᠨ ᠡᠬᠢᠨ ᠳᠤ ᠠᠯᠳᠠᠷ ᠢ ᠨᠢ ᠦᠨᠢᠳᠡ ᠲᠣᠷᠠᠰᠬᠠᠵᠣ ᠠᠯᠲᠠᠨ | ᠬᠠᠭᠤᠳᠠᠰᠤᠨ ᠳᠤ ᠳᠡᠮᠳᠡᠭᠯᠡᠬᠦᠰᠢᠲᠡᠢ ᠠᠬᠠᠮᠠᠳ ᠤᠯᠠᠨ ᠪᠦᠬᠡ ᠶᠢ ᠠᠶᠠᠷᠯᠠᠨ ᠤᠷᠢᠵᠦ ᠭᠠᠷᠭᠠᠭᠠᠳ ᠨᠠᠶᠢᠷ ᠤᠨ | ᠵᠢᠷᠦᠮ ᠤᠨ ᠲᠠᠭᠠᠭᠤᠯᠵᠣ ᠨᠠᠭᠠᠳᠤᠮ ᠤᠨ ᠶᠤᠰᠤ ᠶᠢ ᠪᠠᠷᠢᠮᠳᠠᠯᠠᠵᠦ ᠳᠠᠩᠰᠠᠨ ᠳᠤ ᠠᠯᠳᠠᠷ ᠢ ᠨᠢ ᠪᠢᠴᠢᠵᠦ ᠳᠠᠷᠬᠠᠨ | ᠴᠤᠯᠨ ᠶᠢ ᠤᠯᠭᠤᠬᠤ ᠶᠢ ᠠᠷᠠᠳ ᠨᠢ ᠲᠡᠭᠡᠵᠦ ᠱᠠᠭᠠᠷᠳᠠᠭᠰᠠᠨ ᠶᠤᠮ ᠵᠠᠰᠠᠭ ᠨᠢ ᠢᠩᠬᠢᠵᠦ ᠲᠤᠭᠳᠠᠭᠰᠠᠨ ᠶᠤᠮ | ᠠᠷᠠᠳ ᠵᠠᠰᠠᠭ ᠤᠨ ᠲᠤᠭᠲᠠᠭᠠᠯ ᠢ ᠵᠠᠷᠯᠠᠵᠦ ᠠᠳᠡ ᠠᠴᠠ ᠮᠡᠳᠡᠭᠦᠯᠦᠶ᠎ᠡ ᠡᠷᠬᠢᠮ ᠠᠯᠳᠠᠷ ᠴᠤᠤᠲᠠᠨ ᠡᠷ᠎ᠡ ᠶᠢᠨ ᠮᠠᠩᠯᠠᠢ | ᠪᠦᠬᠡ ᠶᠢ ᠪᠠᠨ ᠡᠴᠢᠭᠡ ᠳᠡᠭᠡᠳᠤᠰ ᠤᠨ ᠤᠯᠠᠮᠵᠢᠯᠠᠯ ᠢᠶᠠᠷ ᠡᠩᠬᠡ ᠳᠠᠷᠬᠠᠯᠠᠨ ᠴᠣᠯᠠᠯᠵᠣ ᠠᠷᠢᠭᠤᠨ ᠮᠤᠩᠭᠤᠯ | ᠲᠡᠤᠬᠡ ᠶᠢᠨ ᠠᠯᠲᠠᠨ ᠬᠠᠭᠤᠳᠠᠰᠤᠨ ᠳᠤ ᠳᠡᠮᠳᠡᠭᠯᠡᠶ᠎ᠡ ᠠᠯᠳᠠᠷ ᠴᠤᠯᠨ ᠶᠢ ᠨᠢ ᠲᠠᠭᠤᠲᠠᠵᠦ ᠠᠮᠠᠨ ᠢᠷᠦᠭᠡᠯ ᠢᠶᠠᠨ | ᠳᠡᠪᠰᠢᠬᠦᠯᠦᠶ᠎ᠡ ᠨᠠᠶᠢᠷ ᠪᠤᠯᠭᠠᠨ ᠴᠢᠮᠡᠭ ᠲᠠᠢ ᠨᠠᠶᠠᠨ ᠨᠢᠭᠡ ᠶᠢᠨ ᠱᠠᠩ ᠲᠠᠢ ᠶᠡᠷᠦ ᠶᠢᠨ ᠴᠠᠭ ᠲᠠᠭᠠᠨ ᠰᠤᠷᠢᠶ᠎ᠠ ᠲᠠᠢ | ᠶᠢᠰᠤ ᠶᠢᠰᠤ ᠶᠢᠨ ᠪᠡᠯᠡᠭ ᠲᠠᠢ ᠰᠤᠷᠯᠠᠬᠤ ᠭᠠᠯ ᠰᠢᠭ ᠵᠠᠩᠬᠢᠶ᠎ᠠ ᠨᠢ ᠬᠡᠶᠢᠮᠦᠷᠢ ᠰᠡᠷᠬᠦᠬᠡᠨ ᠰᠤᠭᠰᠠᠯᠵᠠᠵᠦ | ᠰᠤᠯᠤᠩᠭ᠎ᠠ ᠶᠢᠨ ᠮᠦᠩᠭᠡᠲᠤ ᠲᠤᠤᠰᠢᠤ ᠨᠢ ᠡᠪᠦᠳᠦᠭ ᠪᠦᠷᠬᠦᠨ ᠮᠢᠷᠠᠯᠵᠠᠵᠦ ᠭᠠᠷᠢᠮᠡ ᠰᠢᠷᠢᠨ ᠭᠤᠳᠤᠯ ᠭᠠᠩ | ᠬᠤᠶᠠᠭ ᠤᠨ ᠵᠤᠳᠤᠭ ᠭᠠᠷᠤᠲᠠᠢ ᠰᠢᠪᠡᠭᠤᠨ ᠤ ᠲᠠᠪᠢᠯᠳᠡ ᠭᠠᠯᠵᠠᠭᠤ ᠪᠠᠷᠰ ᠤᠨ ᠳᠡᠯᠢᠯᠳᠡ ᠬᠠᠮᠢᠭᠠᠬᠢ ᠶᠢᠨ ᠨᠠᠶᠢᠷ ᠲᠤ | ᠴᠤ ᠬᠦᠷᠴᠢᠬᠡᠨ᠎ᠡ ᠬᠠᠳᠠᠭᠤ ᠰᠢᠷᠦᠬᠦᠨ ᠲᠠᠢ ᠦᠵᠡᠯᠴᠡᠴᠢᠬᠡᠨᠡ ᠲᠠᠨᠢᠬᠤ᠂ ᠲᠠᠨᠢᠬᠤ ᠦᠭᠡᠢ ᠲᠠᠭᠠᠷᠠᠴᠢᠬᠠᠨᠠ | ᠲᠠᠯ᠎ᠠ ᠲᠠᠢ᠂ ᠲᠠᠯ᠎ᠠ ᠦᠭᠡᠢ ᠬᠠᠷᠭᠤᠴᠢᠬᠠᠨᠠ ᠬᠠᠷ᠎ᠠ ᠲᠠᠢ ᠪᠤᠷᠤ ᠲᠠᠢ ᠦᠵᠡᠯᠴᠡᠬᠦ ᠬᠠᠷᠢ ᠬᠦᠨᠳᠡᠯᠡᠨ ᠬᠤᠰᠢᠭᠤᠨ ᠳᠤ | ᠬᠠᠷ᠎ᠠ ᠲᠠᠢ ᠯᠠᠮᠠ ᠲᠠᠢ ᠲᠠᠭᠠᠷᠠᠯᠴᠠᠬᠤ ᠪᠢᠷ᠎ᠠ ᠰᠢᠯᠭᠠᠬᠤ ᠭᠠᠵᠠᠷ ᠲᠤ ᠴᠤᠬᠢᠯᠡᠵᠦ ᠪᠠᠶᠢᠭᠠᠳ ᠠᠪᠴᠢᠬᠠᠳᠠᠭ ᠴᠤᠤᠲᠠᠢ | ᠴᠦ ᠤᠯᠤᠰ ᠪᠠᠶᠢᠯ᠎ᠠ ᠠᠮᠠᠯᠠᠵᠦ ᠪᠠᠶᠢᠭᠠᠳ ᠬᠠᠶᠠᠴᠢᠬᠠᠳᠠᠭ ᠤᠳᠤ ᠲᠠᠢ ᠴᠦ ᠪᠦᠬᠡᠴᠤᠳ ᠪᠠᠶᠢᠯ᠎ᠠ ᠢᠨᠠᠭ ᠤᠶᠢᠷ᠎ᠠ | ᠰᠠᠳᠤᠨ ᠳᠠᠭᠠᠨ ᠢᠯᠳᠡᠷ ᠬᠠᠶᠠᠭᠰᠠᠨ ᠤᠳᠠᠭ᠎ᠠ ᠴᠦ ᠪᠤᠢ ᠶᠠᠭᠠᠬᠢᠬᠤ ᠶᠢᠨ ᠠᠷᠭ᠎ᠠ ᠦᠭᠡᠢ ᠨᠦᠬᠦᠳ ᠲᠡᠭᠡᠨ ᠶᠠᠩ | ᠲᠠᠯᠪᠢᠬᠰᠠᠨ ᠤᠳᠠᠭ᠎ᠠ ᠴᠦ ᠪᠤᠢ ᠬᠠᠨᠴᠢᠨ ᠪᠤᠯᠠᠭᠠᠷᠢ ᠭᠤᠳᠤᠯ ᠢ ᠬᠠᠭᠵᠢᠯᠠᠵᠦ ᠬᠡᠳᠦᠢ ᠴᠦ ᠬᠠᠶᠠᠬᠰᠠᠨ ᠪᠤᠯ | ᠬᠠᠨᠳᠠᠭᠠᠢ ᠶᠢᠨ ᠠᠷᠠᠰᠤᠨ ᠵᠤᠳᠤᠭ ᠢ ᠦᠯᠳᠡᠯᠡᠵᠦ ᠬᠡᠳᠦᠢ ᠶᠢ ᠴᠦ ᠪᠠᠷᠠᠭᠰᠠᠨ ᠪᠤᠯ ᠵᠠᠯᠠᠭᠤ ᠢᠳᠡᠷ ᠨᠠᠰᠤᠨ ᠳᠠᠭᠠᠨ | ᠲᠠᠭᠤᠲᠠᠭᠤᠯᠵᠦ ᠶᠠᠪᠤᠭᠰᠠᠨ ᠠᠯᠳᠠᠷ ᠲᠠᠢ ᠵᠠᠭᠠᠯ ᠪᠣᠭᠤᠷᠣᠯ ᠪᠤᠯᠬᠤ ᠳᠠᠭᠠᠨ ᠳᠠᠭᠤᠷᠢᠰᠣᠭᠤᠯᠵᠣ ᠶᠠᠪᠤᠬᠤ ᠲᠡᠤᠬᠡ ᠲᠠᠢ | ᠴᠤᠤ ᠲᠠᠢ ᠠᠬᠠᠮᠠᠳ ᠪᠦᠬᠡ ᠶᠢᠨ ᠢᠶᠠᠨ ᠲᠠᠭᠤᠤ ᠲᠠᠢ ᠶᠠᠪᠤᠭᠰᠠᠨ ᠲᠠᠨᠠᠷ ᠤᠨ ᠢᠶᠠᠨ ᠴᠤᠯᠨ ᠶᠢ ᠨᠢ ᠮᠦᠩᠬᠡ | ᠲᠠᠭᠤᠳᠠᠵᠦ ᠴᠤᠭᠴᠠᠰ ᠢ ᠨᠢ ᠡᠩᠬᠡ ᠳᠠᠷᠬᠠᠯᠠᠶᠠ ᠵᠠᠩᠬᠢᠶ᠎ᠠ ᠶᠢᠨ ᠬᠢᠨ ᠴᠠᠴᠤᠭ ᠨᠢ ᠭᠠᠯ ᠤᠨ ᠰᠤᠷ ᠰᠢᠭ ᠪᠠᠳᠠᠷᠠᠭ | ᠵᠠᠯᠭᠠᠵᠦ ᠠᠪᠬᠤ ᠬᠡᠤᠬᠡᠳ ᠤᠳ ᠨᠢ ᠭᠠᠯᠵᠠᠭᠤ ᠪᠠᠷᠰ ᠰᠢᠭ ᠲᠤᠭᠯᠠᠭ ᠠᠬᠠᠮᠠᠳ ᠪᠦᠬᠡ ᠶᠢᠨ ᠬᠦᠯᠦᠰᠤ ᠠᠷᠤ | ᠵᠤ ᠳᠤᠨᠢ ᠰᠢᠩᠭᠡᠭ ᠠᠷᠪᠢᠨ ᠵᠦᠢᠯ ᠤᠨ ᠡᠷᠳᠡᠮ ᠠᠪᠤᠷᠭᠤ ᠪᠡᠶ᠎ᠡ ᠳᠤᠨᠢ ᠪᠦᠷᠢᠳᠦᠭ ᠳᠠᠷᠬᠠᠨ ᠪᠦᠬᠡ ᠶᠢᠨ ᠤᠳᠤᠮ ᠢ | ᠲᠠᠯᠠᠯᠭ᠎ᠠ ᠪᠠᠷ ᠢᠶᠠᠨ ᠬᠤᠷᠦ᠋ᠢᠯᠠᠶᠠ ᠬᠡᠶᠢᠮᠦᠷᠢᠳᠤ ᠡᠷ᠎ᠡ ᠶᠢᠨ ᠰᠦᠯᠳᠡ ᠶᠢ ᠭᠡᠰᠢᠭ ᠪᠤᠶᠠᠨ ᠢᠶᠠᠷ ᠢᠶᠠᠨ ᠲᠠᠭᠤᠳᠠᠶ᠎ᠠ | ᠡᠷ᠎ᠡ ᠶᠢᠨ ᠰᠠᠶᠢᠨ ᠪᠦᠬᠡ ᠶᠢᠨ ᠮᠠᠩᠯᠠᠢ ᠡᠨᠡ ᠨᠤᠳᠤᠭ ᠲᠤ ᠳᠡᠯᠭᠡᠷᠡᠬᠦ ᠪᠤᠯᠳᠤᠭᠠᠢ︕ ᠬᠤᠷᠤᠢ ᠬᠤᠷᠤᠢ ᠬᠤᠷᠤᠢ ᠁ | | |