ᠰᠠᠭᠠᠳᠠᠭ ᠤᠨ ᠤᠪᠤᠭ᠎ᠠ
ᠨᠡᠶᠢᠲᠡᠯᠡᠭᠰᠡᠨ ᠴᠠᠭ᠄
2010/12/21
             ᠰᠠᠭᠠᠳᠠᠭ ᠤᠨ ᠤᠪᠤᠭ᠎ᠠ      ᠰᠠᠭᠠᠳᠠᠭ ᠤᠨ ᠤᠪᠤᠭ᠎ᠠ ᠬᠡᠳᠡᠭ ᠨᠡᠷᠡᠳᠦ ᠭᠠᠵᠠᠷ ᠪᠤᠯ ᠰᠠᠶᠢᠬᠠᠨᠭᠤᠪᠢ ᠰᠤᠮᠤᠨ ᠤ ᠰᠠᠷᠠᠭᠤᠯᠳᠡᠨᠵᠢ ᠭᠠᠴᠠᠭᠠᠨ ᠤ ᠨᠤᠳᠤᠭ ᠲᠤ ᠪᠠᠶᠢᠳᠠᠭ᠃ ᠠᠯᠳᠠᠷ ᠴᠤᠤᠳᠦ ᠭᠤᠷᠪᠠᠨ ᠰᠦᠵᠢ ᠶᠢᠨ ᠭᠤᠪᠢ ᠶᠢᠨ ᠠᠷᠣ ᠲᠠᠯ᠎ᠠ ᠨᠢ  ᠲᠠᠭᠠᠨ ᠪᠠᠶᠢᠷᠢᠯᠠᠭᠰᠠᠨ᠂ ᠠᠯᠤᠰ ᠤᠨ ᠰᠦᠷᠯᠢᠭ ᠠᠪᠤᠷᠭᠤ ᠪᠠᠷ᠎ᠠ ᠲᠠᠢ᠂ ᠨᠤᠳᠤᠭ ᠤᠷᠤᠨ ᠳᠠᠭᠠᠨ ᠡᠷᠳᠡ ᠲᠡᠬᠡᠳᠦᠰ ᠠᠴᠠ ᠪᠠᠨ ᠰᠢᠳᠦᠬᠡᠨ ᠲᠠᠬᠢᠯᠭ᠎ᠠ ᠲᠠᠢ ᠡᠵᠡᠨ ᠴᠢᠩᠬᠢᠰ ᠤᠨ ᠤᠯᠠ ᠮᠦᠷ ᠢᠶᠠᠨ ᠦᠯᠡᠳᠡᠬᠡᠵᠦ ᠶᠠᠪᠤᠭᠰᠠᠨ ᠨᠤᠳᠤᠭ ᠤᠰᠤᠨ ᠤ ᠨᠢᠬᠡᠨ ᠬᠡᠰᠡᠭ ᠪᠤᠯᠬᠤ ᠶᠤᠮ᠃      ᠡᠷᠳᠡ ᠲᠡᠬᠡᠳᠦ ᠶᠢᠨ ᠴᠠᠭ ᠲᠤ ᠡᠵᠡᠨ ᠴᠢᠩᠬᠢᠰ ᠪᠤᠭᠳᠠ ᠬᠠᠭᠠᠨ ᠡᠨᠡ ᠭᠠᠵᠠᠷ ᠢᠶᠠᠷ ᠲᠠᠮᠵᠢᠨ᠂ ᠠᠶᠠᠨ ᠲᠠᠶᠢᠨ ᠬᠢᠵᠦ ᠶᠠᠪᠤᠬᠤ  ᠵᠠᠮ ᠵᠠᠭᠤᠷ᠎ᠠ ᠪᠠᠨ ᠡᠨᠡ ᠦᠨᠳᠦᠷᠯᠢᠭ ᠠᠯᠤᠰ ᠤᠨ ᠪᠠᠷ᠎ᠠ ᠲᠠᠢ ᠤᠪᠤᠭᠠᠨ ᠲᠡᠭᠡᠷ᠎ᠡ ᠲᠦᠷ ᠴᠠᠭ ᠠᠮᠠᠷᠠᠨ ᠰᠠᠭᠠᠳᠠᠵᠦ᠂ ᠰᠠᠭᠠᠳᠠᠭ ᠨᠤᠮᠤ ᠪᠠᠨ ᠠᠪᠴᠦ ᠲᠠᠯᠪᠢᠭᠰᠠᠨ ᠠᠴᠠ ᠡᠨᠡ ᠤᠪᠤᠭ᠎ᠠ ᠶᠢ ︽ᠰᠠᠭᠠᠳᠠᠭ ᠤᠨ ᠤᠪᠤᠭ᠎ᠠ︾ ᠬᠡᠵᠦ ᠨᠡᠷᠡᠯᠡᠭᠰᠡᠨ ᠬᠡᠳᠡᠭ ᠲᠤᠮᠤᠭ ᠲᠠᠢ᠃
 
ᠢᠷᠡᠯᠲᠡ᠄ ᠰᠦᠨᠢᠳ ᠵᠡᠬᠦᠨ ᠬᠤᠰᠢᠭᠤᠨ ᠤ ᠭᠠᠵᠠᠷ ᠤᠨ ᠨᠡᠷᠡᠰ ᠤᠨ ᠲᠤᠮᠤᠭ ᠠᠴᠠ ᠪᠠᠭᠤᠯᠭᠠᠨ ᠠᠪᠤᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号