ᠬᠠᠷᠠᠭᠠᠳᠦ ᠶᠢᠨ ᠤᠪᠤᠭ᠎ᠠ | ᠬᠠᠷᠠᠭᠠᠳᠦ ᠶᠢᠨ ᠤᠪᠤᠭ᠎ᠠ ᠶᠢᠨ ᠬᠡᠳᠡᠭ ᠡᠨᠡᠬᠦ ᠨᠡᠷᠡᠳᠦ ᠭᠠᠵᠠᠷ ᠪᠤᠯ ᠰᠠᠶᠢᠬᠠᠨᠭᠤᠪᠢ ᠰᠤᠮᠤᠨ ᠤ | ᠰᠠᠷᠠᠭᠤᠯᠳᠡᠨᠵᠢ ᠭᠠᠴᠠᠭᠠᠨ ᠤ ᠨᠤᠳᠤᠭ ᠲᠤ ᠪᠠᠶᠢᠳᠠᠭ᠃ ᠡᠨᠡ ᠨᠤᠳᠤᠭ ᠤᠨ ᠬᠦᠮᠦᠰ ᠤᠨ ᠡᠷᠳᠡ ᠲᠡᠬᠡᠳᠦᠰ ᠤᠨ | ᠦᠶ᠎ᠡ ᠠᠴᠠ ᠪᠠᠨ ᠡᠬᠢᠯᠡᠨ ᠦᠶ᠎ᠡ ᠤᠯᠠᠮᠵᠢᠯᠠᠨ ᠲᠠᠬᠢᠵᠦ᠂ ᠰᠢᠳᠦᠭᠰᠡᠬᠡᠷ ᠢᠷᠡᠭᠰᠡᠨ᠂ ᠲᠠᠯᠠᠢ ᠶᠢᠨ ᠲᠦᠪᠰᠢᠨ ᠠᠴᠠ | ᠲᠡᠭᠡᠭᠰᠢ 1204.1 ᠮᠧᠲᠷ ᠦᠨᠳᠦᠷ ᠡᠷᠬᠦᠭᠳᠡᠭᠰᠡᠨ ᠡᠨᠡᠬᠦ ᠠᠯᠤᠰ ᠰᠦᠷᠯᠢᠭ ᠪᠠᠷ᠎ᠠ ᠲᠠᠢ ᠦᠨᠳᠦᠷ ᠤᠪᠤᠭ᠎ᠠ | ᠲᠡᠭᠡᠷ᠎ᠡ᠂ ᠡᠷᠳᠡ ᠤᠷᠢᠳᠦ ᠶᠢᠨ ᠴᠠᠭ ᠲᠤ ᠡᠵᠡᠨ ᠴᠢᠩᠬᠢᠰ ᠬᠠᠭᠠᠨ ᠡᠨᠡ ᠨᠤᠳᠤᠭ ᠢᠶᠠᠷ ᠲᠠᠮᠵᠢᠨ᠂ ᠠᠶᠠᠨ ᠲᠠᠶᠢᠨ | ᠬᠡᠵᠦ ᠶᠠᠪᠤᠬᠤ ᠵᠠᠮ ᠵᠠᠭᠤᠷ᠎ᠠ ᠪᠠᠨ ᠠᠭᠳᠠ ᠬᠦᠯᠦᠭ ᠮᠤᠷᠢᠳ ᠨᠢ ᠢᠵᠢᠯᠢ ᠰᠦᠷᠦᠭ ᠠᠴᠠ ᠪᠠᠨ ᠰᠠᠯᠵᠦ ᠶᠠᠪᠤᠭᠠᠳ᠂ | ᠲᠤᠷᠤᠨ᠎ᠠ ᠭᠤᠪᠢ ᠳᠤ ᠪᠡᠯᠴᠢᠭᠡᠷᠯᠡᠵᠦ ᠪᠠᠶᠢᠭᠰᠠᠨ ᠢ ᠨᠢ ᠡᠵᠡᠨ ᠴᠢᠩᠬᠢᠰ ᠬᠠᠭᠠᠨ᠂ ᠡᠨᠡ ᠤᠪᠤᠭᠠᠨ ᠲᠡᠬᠡᠷ᠎ᠡ ᠠᠴᠠ | ᠬᠠᠷᠠᠵᠦ ᠤᠯᠤᠭᠰᠠᠨ ᠠᠴᠠ ᠬᠤᠶᠢᠰᠢ᠂ ᠡᠨᠡᠬᠦ ᠤᠪᠤᠭ᠎ᠠ ᠶᠢ ︽ᠬᠠᠷᠠᠭᠠᠳᠦ︾ ᠶᠢᠨ ᠤᠪᠤᠭ᠎ᠠ ᠬᠡᠵᠦ ᠨᠡᠷᠡᠯᠡᠭᠰᠡᠨ | ᠬᠡᠳᠡᠭ ᠲᠤᠮᠤᠭ ᠲᠠᠢ᠃ |